| ᠪᠠᠭ᠎ᠠ ᠶᠢᠨ ᠨᠡᠷ᠎ᠡ ᠨᠢ ᠶᠢᠨ ᠰᠦᠸᠧ᠂ ᠬᠢᠲᠠᠳ ᠦᠨᠳᠦᠰᠦᠲᠡᠨ᠂ ᠤᠭ ᠨᠤᠲᠤᠭ ᠨᠢ ᠨᠢᠩᠰᠢᠶᠠ ᠶᠢᠨ ᠶᠠᠨ ᡂᠢ ᠰᠢᠶᠠᠨ ᠤ ᠪᠠ ᠴᠠ ᠯᠢᠶᠠᠩ ᠤᠨ ᠷᠤᠸᠠᠨ | ᠵᠢᠶᠠ ᠭᠧᠦ ᠶᠢᠨ ᠬᠥᠮᠥᠨ᠃ ᠶᠠᠨ ᡂᠢ ᠰᠢᠶᠠᠨ ᠤ ᠬᠤᠳᠠ ᠶᠢᠨ ᠲᠡᠭᠦᠷᠭᠡ ᠶᠢᠨ ᠯᠢᠦ ᠶᠠᠩ ᠪᠦᠦ ᠳᠤ ᠤᠯᠠᠨ ᠵᠢᠯ ᠰᠠᠭᠤᠵᠠᠢ᠃ | 1926 ᠣᠨ ᠳᠤ᠂ ᠤᠲᠤᠭ ᠬᠤᠰᠢᠭᠤᠨ ᠤ ᠸᠠᠩ ᠭᠠᠯᠰᠠᠩᠷᠣᠯᠮᠠᠵᠠᠮᠰᠤ ᠥᠷᠢ ᠳᠤ ᠣᠨᠠᠭᠰᠠᠨ ᠠᠴᠠ ᠪᠤᠯᠵᠤ ᠳᠠᠬᠢᠯᠲᠤ ᠶᠢ ᠬᠤᠳᠠᠯᠳᠣᠪᠠ᠃ ᠲᠡᠭᠡᠭᠡᠳ | ᠵᠢᠷᠭᠤᠭᠠᠨ ᠨᠠᠰᠣᠲᠠᠢ ᡁᠢ ᠵᠧᠨ ᠪᠦᠬᠦ ᠭᠡᠷ ᠢᠶᠠᠷ ᠢᠶᠠᠨ ᠯᠢᠦ ᠶᠠᠩ ᠪᠦᠦ ᠠᠴᠠ ᠳᠠᠬᠢᠯᠲᠤ ᠶᠢᠨ ᠬᠤᠩ ᠱᠠᠨ ᠲᠠᠩ ᠤᠨ ᠡᠮᠦᠨ᠎ᠡ ᠨᠡᠭᠦᠨ ᠣᠴᠢᠵᠤ ᠨᠤᠲᠤᠭᠰᠢᠪᠠ᠃ | ᠵᠠᠩ ᡁᠢ ᠵᠧᠨ ᠪᠠᠭ᠎ᠠ ᠳᠠᠭᠠᠨ ᠤᠷᠢᠳ ᠬᠤᠵᠢᠳ ᠳᠠᠬᠢᠯᠲᠤ ᠶᠢᠨ ᠬᠤᠩ ᠵᠢᠩ ᠺᠧᠩ ᠲᠣᠰᠬᠤᠨ ᠪᠠ ᠶᠠᠨ ᡂᠢ ᠰᠢᠶᠠᠨ ᠤ ᠯᠢᠦ ᠶᠠᠩ ᠪᠦᠦ ᠳᠤ ᠭᠡᠷ ᠤᠨ | ᠰᠣᠷᠭᠠᠭᠤᠯᠢ ᠳᠤ ᠨᠤᠮ ᠪᠢᠴᠢᠭ ᠰᠣᠷᠴᠤ᠂ 11 ᠨᠠᠰᠤᠲᠠᠢ ᠳᠠᠭᠠᠨ ᠶᠠᠨ ᡂᠢ ᠰᠢᠶᠠᠨ ᠤ ᠤᠯᠤᠰ ᠤᠨ ᠳᠤᠮᠳᠠᠳᠤ ᠰᠤᠷᠭᠠᠭᠤᠯᠢ ᠳᠤ ᠰᠢᠯᠭᠠᠭᠤᠯᠤᠨ ᠣᠷᠣᠵᠤ | ᠰᠤᠷᠤᠯᠴᠠᠪᠠ᠃ | 1935 ᠣᠨ ᠤ 10 ᠰᠠᠷ᠎ᠠ ᠳᠤ᠂ ᠲᠥᠪ ᠤᠨ ᠤᠯᠠᠭᠠᠨ ᠴᠡᠷᠢᠭ ᠱᠠᠨᠪᠧᠢ ᠳᠤ ᠬᠦ᠋ᠷᠦᠭᠰᠡᠨ ᠴᠢᠮᠡᠭᠡ ᠶᠠᠨ ᡂᠢ ᠰᠢᠶᠠᠨ ᠳᠤ ᠤᠯᠠᠮᠵᠢᠯᠠᠭᠳᠠᠨ ᠬᠦᠷᠦᠭᠰᠡᠨ ᠳᠤ᠂ | ᠲᠤᠬᠠᠢ ᠶᠢᠨ ᠭᠠᠵᠠᠷ ᠤᠨ ᠬᠠᠷᠭᠢᠰ ᠪᠠᠶᠠᠨ ᠵᠢᠰᠤᠷ ᠡᠷᠬᠡᠲᠡᠨ ᠠᠶᠤᠨ ᠭᠡᠯᠮᠡᠭᠳᠡᠵᠦ᠂ ᠶᠠᠨ ᡂᠢ ᠰᠢᠶᠠᠨ ᠤ ᠬᠤᠳᠠ ᠤᠷᠤᠭᠤ ᠲᠣᠳᠠᠭᠠᠵᠠᠭᠠᠪᠠ᠃ ᠶᠠᠨ ᡂᠢ | ᠳᠤᠮᠳᠠᠳᠤ ᠰᠤᠷᠭᠠᠭᠤᠯᠢ ᠴᠤ ᠡᠭᠦᠨ ᠠᠴᠠ ᠪᠣᠯᠵᠤ ᠡᠭᠦᠳᠡ ᠪᠠᠨ ᠬᠠᠭᠠᠵᠠᠢ᠃ ᠠᠷᠪᠠᠨ ᠲᠠᠪᠤᠬᠠᠨ ᠨᠠᠰᠤᠲᠠᠢ ᠵᠠᠩ ᡁᠢ ᠵᠧᠨ ᠡᠭᠦᠨ ᠠᠴᠠ ᠡᠬᠢᠯᠡᠨ ᠰᠤᠷᠤᠯᠭ᠎ᠠ ᠪᠠᠨ | ᠠᠯᠳᠠᠵᠤ᠂ ᠭᠠᠭᠴᠠᠭᠠᠷ ᠢᠶᠠᠨ ᠳ᠋ᠢᠩᠪᠢᠶᠠᠨ ᠳᠤ ᠬᠦᠷᠴᠦ ᠨᠢᠭᠡᠨ ᠠᠶᠢᠯ ᠳᠤ ᠬᠦᠴᠦ ᠶᠠᠪᠤᠵᠤ ᠠᠮᠢ ᠪᠡᠶ᠎ᠡ ᠪᠠᠨ ᠲᠡᠵᠢᠭᠡᠵᠦ ᠡᠬᠢᠯᠡᠵᠢ᠃ | 1936 ᠣᠨ ᠤ 6 ᠰᠠᠷ᠎ᠠ ᠳᠤ᠂ ᠤᠯᠠᠭᠠᠨ ᠴᠡᠷᠢᠭ ᠤᠨ ᠶᠠᠫᠤᠨ ᠢ ᠡᠰᠡᠷᠭᠦᠴᠡᠬᠦ ᠬᠤᠰᠢᠭᠤᠴᠢ ᠠᠩᠭᠢ ᠵᠡᠭᠦᠨᠰᠢ ᠳᠠᠶᠢᠯᠠᠵᠤ ᠪᠤᠴᠠᠬᠤ ᠳᠤ ᠪᠠᠨ ᠵᠢᠩᠪᠢᠶᠠᠨ᠂ | ᠳ᠋ᠢᠩᠪᠢᠶᠠᠨ᠂ ᠶᠠᠨ ᡂᠢ ᠵᠡᠷᠭᠡ ᠭᠠᠵᠠᠷ ᠢ ᠴᠢᠯᠦᠭᠡᠯᠡᠵᠦ᠂ ᠨᠠᠮ ᠤᠨ ᠲᠥᠪ ᠬᠤᠷᠢᠶ᠎ᠠ ᠠᠴᠠ ᠳ᠋ᠢᠩᠪᠢᠶᠠᠨ ᠳᠤ ︽ᠮᠣᠩᠭᠤᠯ ᠠᠵᠢᠯᠯᠠᠬᠤ ᠬᠤᠷᠢᠶ᠎ᠠ︾ ᠶᠢ ᠪᠠᠶᠢᠭᠤᠯᠪᠠ᠃ | ᠲᠣᠰ ᠵᠢᠯ ᠳᠤ ᠵᠠᠩ ᡁᠢ ᠵᠧᠨ ᠴᠡᠷᠢᠭ ᠲᠤ ᠣᠷᠣᠵᠣ ᠤᠯᠠᠭᠠᠨ ᠴᠡᠷᠢᠭ ᠤᠨ ᠨᠢᠭᠡᠨ ᠪᠠᠶᠢᠯᠳᠣᠭᠴᠢ ᠪᠤᠯᠵᠠᠢ᠃ | 1936 ᠣᠨ ᠤ 7 ᠰᠠᠷ᠎ᠠ ᠶᠢᠨ 13 ᠤ ᠡᠳᠦᠷ ︵ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠬᠤᠷᠢᠨ ᠲᠠᠪᠤᠨ ᠤ ᠡᠳᠦᠷ︶ ᠴᠢ ᠲᠢᠩ ᠵᠧᠨ᠂ ᠶᠠᠩ ᠴᠢᠨ | ᠱᠧᠩ ᠮᠣᠩᠭᠤᠯ ᠫᠠᠷᠲ᠋ᠢᠽᠠᠨ ᠠᠩᠭᠢ ᠶᠢ ᠣᠳᠣᠷᠢᠳᠣᠨ ᠳᠠᠬᠢᠯᠲᠤ ᠶᠢ ᠴᠢᠯᠦᠭᠡᠯᠡᠵᠡᠢ᠃ ᠵᠠᠩ ᡁᠢ ᠵᠧᠨ ᠨᠢᠭᠡᠨ ᠰᠠᠯᠠᠭ᠎ᠠ ᠫᠠᠷᠲ᠋ᠢᠽᠠᠨ ᠪᠠᠭ᠎ᠠ ᠠᠩᠭᠢ ᠶᠢ ᠳᠠᠭᠠᠭᠤᠯᠤᠨ | ᠭᠡᠷ ᠲᠡᠭᠡᠨ ᠣᠷᠢᠵᠣ ᠬᠠᠯᠠᠭᠤᠨ ᠢᠶᠠᠷ ᠵᠣᠴᠢᠯᠠᠪᠠ᠃ ᠡᠭᠦᠨ ᠠᠴᠠ ᠠᠪᠤᠭᠠᠳ ᠵᠠᠩ ᡁᠢ ᠵᠧᠨ ᠤ ᠭᠡᠷ ᠨᠢ ᠮᠠᠨ ᠤ ᠨᠠᠮ ᠤᠨ ᠨᠢᠭᠤᠴᠠ ᠠᠵᠢᠯᠲᠠᠳ ᠤᠨ ᠬᠤᠯᠪᠣᠭ᠎ᠠ | ᠠᠪᠬᠤ ᠭᠠᠵᠠᠷ ᠪᠣᠯᠤᠭᠰᠠᠨ ᠪᠠᠶᠢᠨ᠎ᠠ᠃ 9 ᠰᠠᠷ᠎ᠠ ᠳᠤ᠂ ᠵᠠᠩ ᡁᠢ ᠵᠧᠨ ᠭᠤᠤ ᠭᠠᠩ ᠤᠨ ᠴᠡᠷᠢᠭ ᠠᠩᠭᠢ ᠶᠢ ᠳᠠᠭᠠᠵᠤ ᠳ᠋ᠢᠩᠪᠢᠶᠠᠨ ᠳᠤ ᠬᠦᠷᠴᠦ᠂ ᠰᠤᠮᠤᠨ ᠤ | ᠰᠠᠭᠤᠭ᠎ᠠ ᠭᠠᠵᠠᠷ ᠤᠨ ᠬᠤᠯᠪᠣᠭᠠᠴᠢᠨ ᠪᠣᠯᠪᠠ᠃ | 1937 ᠣᠨ ᠤ ᠬᠠᠪᠤᠷ᠂ ᠭᠤᠷᠪᠠᠨ ᠪᠢᠶᠠᠨ ᠲᠤᠰᠬᠠᠢ ᠣᠷᠣᠨ ᠤ ᠨᠠᠮ ᠤᠨ ᠬᠤᠷᠢᠶ᠎ᠠ ᠠᠴᠠ ᠵᠠᠩ ᡁᠢ ᠵᠧᠨ ᠢ ᠳᠠᠬᠢᠯᠲᠤ ᠲᠤᠰᠬᠠᠢ ᠣᠷᠣᠨ ᠤ ᠠᠵᠢᠯ ᠤᠨ | ᠬᠤᠷᠢᠶ᠎ᠠ ᠳᠤ ᠲᠣᠮᠢᠯᠠᠨ ᠨᠠᠷᠢᠨ ᠪᠢᠴᠢᠭᠡᠴᠢ ᠶᠢᠨ ᠠᠵᠢᠯ ᠬᠢᠯᠭᠡᠪᠡ᠃ | 1941 ᠣᠨ ᠳᠤ᠂ ᠶᠠᠫᠤᠨ ᠢ ᠡᠰᠡᠷᠭᠦᠴᠡᠬᠦ ᠳᠠᠶᠢᠨ ᠬᠠᠮᠤᠭ ᠤᠨ ᠬᠠᠲᠠᠭᠤᠵᠢᠯᠲᠠᠢ ᠱᠠᠲᠤᠨ ᠳᠤ ᠣᠷᠣᠪᠠ᠃ ᠶᠠᠫᠤᠨ ᠳᠡᠭᠡᠷᠡᠮᠴᠢᠳ ᠢ ᠳᠤᠮᠳᠠᠳᠤ ᠤᠯᠤᠰ ᠠᠴᠠ | ᠡᠷᠲᠡᠬᠡᠨ ᠬᠥᠭᠡᠭᠡᠨ ᠭᠠᠷᠭᠠᠬᠤ ᠶᠢᠨ ᠲᠥᠯᠥᠭᠡ᠂ ᠨᠠᠮ ᠤᠨ ᠲᠥᠪ ᠬᠤᠷᠢᠶ᠎ᠠ ᠠᠴᠠ᠄ ᠪᠦᠯᠬᠦᠮᠳᠡᠵᠦ ᠪᠣᠯᠬᠤ ᠬᠦᠴᠦᠨ ᠪᠦᠬᠦᠨ ᠲᠠᠢ ᠪᠦᠯᠬᠦᠮᠳᠡᠵᠦ᠂ ᠶᠠᠫᠤᠨ ᠢ | ᠡᠰᠡᠷᠭᠦᠴᠡᠬᠦ ᠦᠨᠳᠦᠰᠦᠲᠡᠨ ᠤ ᠨᠢᠭᠡᠳᠦᠮᠡᠯ ᠹᠷᠣᠨᠲ ᠢ ᠪᠠᠶᠢᠭᠤᠯᠬᠤ ᠬᠡᠷᠡᠭᠲᠡᠢ ᠭᠡᠵᠦ ᠤᠷᠢᠶᠠᠯᠠᠪᠠ᠃ ᠢᠩᠭᠢᠭᠡᠳ ᠵᠣᠬᠢᠶᠠᠨ ᠪᠠᠶᠢᠭᠤᠯᠤᠯᠲᠠ ᠠᠴᠠ ᠵᠠᠩ ᡁᠢ ᠵᠧᠨ ᠢ | ᠳᠠᠬᠢᠨᠲᠠ ᠨᠢᠭᠤᠴᠠ ᠠᠵᠢᠯ ᠬᠢᠯᠭᠡᠬᠦ ᠪᠠᠷ ᠲᠣᠭᠲᠠᠪᠠ᠃ ᠲᠡᠷᠡ ᠮᠣᠩᠭᠤᠯ ᠬᠡᠯᠡ ᠪᠠᠭ᠎ᠠ ᠰᠠᠭ᠎ᠠ ᠮᠡᠳᠡᠳᠡᠭ ᠢᠶᠠᠷ ᠢᠶᠠᠨ ︽ᠬᠤᠳᠠᠯᠳᠤᠭᠠᠴᠢᠨ︾ ᠢᠶᠠᠷ ᠣᠪᠯᠠᠨ᠂ | ᠦᠷᠭᠦᠯᠵᠢ ᠪᠠᠶᠢᠯ᠎ᠠ ᠶᠢᠨ ᠰᠦᠮ᠎ᠡ᠂ ᠮᠠᠩᠬᠠᠲᠤ᠂ ᠪᠤᠯᠠᠭ᠂ ᠮᠣᠭᠠᠶᠢᠲᠤ ᠵᠡᠷᠭᠡ ᠭᠠᠵᠠᠷ ᠢᠶᠠᠷ ᠭᠦᠨᠵᠡᠭᠡᠶᠢᠷᠡᠨ ᠣᠯᠠᠨ ᠲᠦᠮᠡᠨ ᠳᠤ ᠤᠬᠠᠭᠤᠯᠭ᠎ᠠ ᠬᠢᠵᠦ᠂ | ᠣᠳᠣᠷᠢᠳᠣᠯᠭ᠎ᠠ ᠶᠢᠨ ᠵᠦᠪᠰᠢᠶᠡᠷᠡᠯ ᠢᠶᠠᠷ ᠵᠠᠷᠢᠮ ᠨᠡᠷ᠎ᠡ ᠬᠦᠨᠳᠦᠲᠡᠢ ᠮᠣᠩᠭᠤᠯᠴᠤᠳ ᠲᠠᠢ ᠠᠬ᠎ᠠ ᠳᠡᠭᠦᠦ ᠪᠤᠯᠤᠯᠴᠠᠨ ᠪᠦᠯᠬᠦᠮᠳᠡᠵᠦ ᠶᠡᠫᠤᠨ ᠢ ᠡᠰᠡᠷᠭᠦᠴᠡᠬᠦ ᠲᠡᠮᠡᠴᠡᠯ | ᠳᠤ ᠬᠠᠮᠲᠤ ᠤᠷᠤᠯᠴᠠᠵᠤ ᠪᠠᠶᠢᠪᠠ᠃ | 1942 ᠣᠨ ᠳᠤ ᠶᠠᠨ ᠠᠨ ᠤ ᠰᠤᠷᠲᠠᠯ ᠴᠡᠭᠴᠡᠯᠡᠬᠦ ᠬᠦᠳᠡᠯᠭᠡᠭᠡᠨ ᠡᠬᠢᠯᠡᠪᠡ᠃ ᠭᠤᠷᠪᠠᠨ ᠪᠢᠶᠠᠨ ᠤ ᠣᠷᠣᠨ ᠠᠴᠠ ᠴᠢᠶᠣᠤ ᠽᠢ ᠵᠦᠪᠯᠡᠭᠴᠢ ᠶᠢ ᠳᠠᠬᠢᠯᠲᠤ | ᠳᠤ ᠲᠣᠮᠢᠯᠠᠨ ᠣᠴᠢᠭᠤᠯᠵᠤ ᠠᠵᠢᠯᠯᠠᠬᠤ ᠬᠤᠷᠢᠶ᠎ᠠ ᠶᠢᠨ ᠰᠤᠷᠲᠠᠯ ᠴᠡᠭᠴᠡᠯᠡᠯᠲᠡ ᠶᠢᠨ ᠪᠠᠶᠢᠳᠠᠯ ᠢ ᠣᠶᠢᠯᠠᠭᠠᠭᠤᠯᠣᠭᠰᠠᠨ ᠳᠤ᠂ ᠸᠠᠩ ᠮᠢᠩ ᠤᠨ ︽ᠠᠯᠢᠪᠠ ᠪᠦᠬᠦᠨ ᠢ | ᠰᠡᠵᠢᠭᠯᠡᠨ ᠠᠯᠢᠪᠠ ᠪᠦᠬᠦᠨ ᠢ ᠴᠤᠬᠢᠨ ᠤᠨᠠᠭᠠᠬᠤ︾ ᠵᠡᠭᠦᠨ ᠤ ᠪᠦᠭᠡᠷᠡᠩᠬᠡᠢ ᠦᠵᠡᠯ ᠤᠨ ᠱᠤᠭᠤᠮ ᠢ ᠶᠠᠪᠤᠭᠤᠯᠵᠤ᠂ ᠠᠵᠢᠯᠯᠠᠬᠤ ᠬᠤᠷᠢᠶ᠎ᠠ ᠶᠢᠨ ᠵᠧᠦ ᠷᠧᠨ ᠱᠠᠨ᠂ | ᠭᠤᠣ ᠴᠢᠶᠠᠨ᠂ ᠼᠤᠤ ᠢᠦᠢ ᠴᠧᠩ᠂ ᠵᠧᠦ ᠬᠠᠢ ᠽᠧ᠂ ᠵᠠᠩ ᡁᠢ ᠵᠧᠨ ᠨᠠᠷ ᠲᠤ ︽ᠭᠤᠮᠢᠨᠳᠠᠩ ᠤᠨ ᠲᠠᠩᠨᠠᠭᠤᠯ︾᠂ ︽ᠪᠠᠷᠠᠭᠤᠨ ᠤ ᠪᠥᠭᠡᠷᠡᠩᠬᠡᠢ ᠦᠵᠡᠯᠲᠡᠨ︾᠂ | ︽ᠵᠤᠭᠰᠣᠯᠲᠠ ᠦᠭᠡᠢ ᠡᠲᠡᠭᠡᠳ︾ ᠭᠡᠬᠦ ᠮᠡᠲᠦ ᠶᠢᠨ ᠮᠠᠯᠠᠭᠠᠢ ᠡᠮᠦᠰᠬᠡᠵᠦ᠂ ᠬᠠᠲᠠᠭᠤ ᠰᠢᠷᠦᠭᠦᠨ ᠲᠡᠮᠡᠴᠡᠯ ᠶᠠᠪᠣᠭᠤᠯᠣᠨ᠂ ᠬᠠᠶᠢᠷ᠎ᠠ ᠨᠠᠶᠢᠷ ᠦᠭᠡᠢ ᠴᠣᠬᠢᠯᠲᠠ | ᠥᠭᠭᠦᠭᠰᠡᠨ ᠪᠥᠭᠡᠳ ᠳᠡᠳᠡᠨ ᠢ ᠳ᠋ᠢᠩᠪᠢᠶᠠᠨ ᠳᠤ ᠬᠦᠷᠭᠡᠨ᠂ ᠬᠢᠨᠠᠨ ᠪᠠᠶᠢᠴᠠᠭᠠᠯᠭᠠᠪᠠ᠃ ᠭᠤᠷᠪᠠᠨ ᠬᠢᠵᠠᠭᠠᠷ ᠣᠷᠣᠨ ᠤ ᠨᠠᠮ ᠤᠨ ᠬᠤᠷᠢᠶ᠎ᠠ ᠠᠴᠠ ᠬᠡᠰᠡᠭ | ᠬᠤᠭᠤᠴᠠᠭ᠎ᠠ ᠬᠢᠨᠠᠨ ᠪᠠᠶᠢᠴᠠᠭᠠᠭᠰᠠᠨ ᠤ ᠲᠠᠷᠠᠭ᠎ᠠ᠂ ᠳᠡᠳᠡᠨ ᠢ ᠳᠠᠬᠢᠨ ᠣᠣᠯ ᠭᠠᠵᠠᠷ ᠲᠤᠨᠢ ᠪᠣᠴᠠᠭᠠᠵᠤ ᠠᠵᠢᠯᠯᠠᠭᠤᠯᠪᠠ᠃ ᠵᠣᠬᠢᠶᠠᠨ ᠪᠠᠶᠢᠭᠤᠯᠤᠯᠲᠠ ᠠᠴᠠ ᠵᠠᠩ ᡁᠢ | ᠵᠧᠨ ᠤ ᠬᠤᠪᠢᠰᠬᠠᠯ ᠤᠨ ᠵᠣᠭᠰᠣᠯᠲᠠ ᠪᠠᠲᠤ ᠴᠢᠩᠭ᠎ᠠ ᠪᠠᠶᠢᠬᠤ ᠶᠢ ᠰᠢᠯᠭᠠᠨ ᠦᠨᠡᠯᠡᠵᠦ᠂ ᠲᠤᠰᠬᠠᠶᠢᠯᠠᠨ ᠲᠡᠭᠦᠨ ᠳᠤ ᠨᠢᠭᠡ ᠮᠣᠷᠢ᠂ ᠠᠷᠪᠠᠨ ᠯᠠᠩ ᠬᠠᠷ᠎ᠠ ᠲᠠᠮᠠᠬᠢ | ᠥᠭᠴᠦ᠂ ᠲᠡᠭᠦᠨ ᠢ ᠦᠷᠭᠦᠯᠵᠢᠯᠡᠨ ᠨᠢᠭᠤᠴᠠ ᠠᠵᠢᠯ ᠬᠢᠯᠭᠡᠬᠦ ᠪᠠᠷ ᠪᠣᠯᠪᠠ᠃ | ᠡᠪᠦᠯ ᠨᠢ᠂ ᠵᠠᠩ ᡁᠢ ᠵᠧᠨ ᠨᠢᠩᠰᠢᠶᠠ ᠶᠢᠨ ᠲᠤᠤ ᠯᠧ ᠣᠷᠴᠢᠮ ᠢᠶᠠᠷ ᠬᠦᠷᠴᠦ ᠪᠠᠷᠠᠭ᠎ᠠ ᠬᠤᠳᠠᠯᠳᠤᠬᠤ ᠳᠠᠰᠢᠷᠠᠮ ᠢᠶᠠᠷ᠂ ᠤᠯᠠᠨ ᠲᠦᠮᠡᠨ ᠳᠤ ᠡᠪ ᠬᠠᠮᠲᠤ | ᠨᠠᠮ ᠤᠨ ᠶᠠᠫᠤᠨ ᠢ ᠡᠰᠡᠷᠭᠦᠴᠡᠬᠦ ᠵᠣᠷᠢᠯᠲᠠ ᠶᠢ ᠣᠬᠠᠭᠤᠯᠵᠣ᠂ ᠵᠢᠶᠠᠩ ᠵᠢᠶ᠋ᠧ ᠱᠢ᠂ ᠮᠠ ᠬᠤᠩ ᠺᠦᠢ ᠶᠢᠨ ᠶᠠᠫᠤᠨ ᠢ ᠡᠰᠡᠷᠭᠦᠴᠡᠬᠦ ᠶᠢ ᠬᠠᠷᠰᠢᠯᠠᠭᠰᠠᠨ ᠶᠠᠯᠠᠲᠤ | ᠠᠵᠢᠯᠯᠠᠭ᠎ᠠ ᠶᠢ ᠢᠯᠡᠴᠢᠯᠡᠪᠡ᠃ ᠰᠠᠨᠠᠮᠰᠠᠷ ᠦᠭᠡᠢ ᠮᠠ ᠬᠤᠩ ᠺᠦᠢ ᠶᠢᠨ ᠰᠤᠯᠠ ᠬᠤᠪᠴᠠᠰᠤ ᠲᠠᠢ ᠲᠠᠩᠨᠠᠭᠤᠯ ᠲᠠᠢ ᠲᠠᠭᠠᠷᠠᠯᠳᠤᠪᠠ᠃ ᠵᠠᠩ ᡁᠢ ᠵᠧᠨ ᠤ ᠤᠯᠠᠭᠠᠨ | ᠴᠡᠷᠢᠭ ᠭᠡᠳᠡᠭ ᠢ ᠲᠠᠩᠨᠠᠭᠤᠯ ᠮᠡᠳᠡᠭᠡᠳ ᠲᠡᠭᠦᠨ ᠢ ᠪᠠᠷᠢᠪᠴᠢᠯᠠᠬᠤ ᠪᠠᠷ ᠪᠠᠶᠢᠲᠠᠯ᠎ᠠ᠂ ᠵᠣᠯ ᠢᠶᠠᠷ ᠨᠢᠭᠡᠨ ᠬᠥᠭᠰᠢᠨ ᠡᠵᠢ ᠵᠠᠩ ᡁᠢ ᠵᠧᠨ ᠳᠤ ᠴᠢᠮᠡᠭᠡ ᠦᠭᠴᠦ ᠲᠡᠭᠦᠨ ᠢ | ᠲᠤᠤ ᠯᠧ ᠠᠴᠠ ᠲᠣᠳᠠᠭᠠᠯᠭᠠᠪᠠ᠃ ᠵᠠᠷᠤᠳᠠᠯ ᠰᠦᠢᠳᠬᠡᠯ ᠢᠶᠠᠨ ᠳᠠᠭᠤᠰᠬᠠᠭᠠᠳ ᠭᠡᠷ ᠲᠡᠭᠡᠨ ᠬᠠᠷᠢᠬᠤ ᠠᠷᠭ᠎ᠠ ᠦᠭᠡᠢ ᠪᠣᠯᠤᠭᠰᠠᠨ ᠵᠠᠩ ᡁᠢ ᠵᠧᠨ ᠪᠠᠶᠠᠨᠨᠠᠭᠤᠷ ᠤᠨ | ᠬᠤᠵᠢᠷᠲᠤ ᠨᠠᠭᠤᠷ ᠲᠤ ᠬᠦᠷᠴᠦ᠂ ᠬᠡᠳᠦᠨ ᠠᠵᠢᠯᠴᠢᠨ ᠵᠠᠯᠠᠭᠤᠴᠤᠳ ᠲᠠᠢ ᠬᠠᠮᠲᠣᠷᠠᠨ ᠬᠤᠵᠢᠷ ᠮᠠᠯᠲᠠᠨ ᠠᠮᠢ ᠵᠢᠭᠤᠵᠤ ᠪᠠᠶᠢᠭᠰᠠᠨ ᠪᠦᠭᠡᠳ ᠠᠵᠢᠯ ᠤᠨ ᠵᠠᠪᠰᠠᠷ | ᠢᠶᠠᠷ ᠮᠦᠨᠴᠦ ᠶᠠᠫᠤᠨ ᠢ ᠡᠰᠡᠷᠭᠦᠴᠡᠬᠦ ᠶᠢ ᠦᠷᠭᠦᠯᠵᠢᠯᠡᠨ ᠣᠬᠠᠭᠤᠯᠵᠣ ᠪᠠᠶᠢᠪᠠ᠃ | ᠶᠠᠫᠤᠨ ᠢ ᠡᠰᠡᠷᠭᠦᠴᠡᠬᠦ ᠳᠠᠶᠢᠨ ᠢᠯᠠᠯᠲᠠ ᠣᠯᠣᠭᠰᠠᠨ ᠤ ᠳᠠᠷᠠᠭ᠎ᠠ᠂ ᠵᠠᠩ ᡁᠢ ᠵᠧᠨ ᠦᠷᠬᠦᠯᠵᠢᠯᠡᠨ ᠭᠤᠮᠢᠨᠳᠠᠩ ᠢ ᠡᠰᠡᠷᠬᠦᠴᠡᠬᠦ ᠳᠠᠶᠢᠨ ᠳᠤ ᠢᠳᠡᠪᠬᠢᠲᠡᠢ | ᠣᠷᠣᠯᠴᠠᠵᠤ᠂ ᠲᠡᠷᠡ ᠬᠦᠷᠦᠭᠰᠡᠨ ᠭᠠᠵᠠᠷ ᠪᠦᠬᠦᠨ ᠳᠤ ᠪᠠᠨ ᠶᠠᠫᠤᠨ ᠢ ᠡᠰᠡᠷᠭᠦᠴᠡᠬᠦ ᠳᠠᠶᠢᠨ ᠢᠯᠠᠯᠲᠠ ᠣᠯᠣᠭᠰᠠᠨ ᠤ ᠳᠠᠷᠠᠭᠠᠬᠢ ᠣᠯᠣᠰ ᠤᠨ ᠳᠣᠳᠣᠭᠠᠳᠣ ᠶᠢᠨ | ᠪᠠᠶᠢᠳᠠᠯ ᠢ ᠲᠠᠨᠢᠯᠴᠠᠭᠤᠯᠵᠣ᠂ ᠵᠢᠶᠠᠩ ᠵᠢᠶᠧ ᠱᠢ ᠨᠣᠶᠠᠷᠬᠠᠭᠴᠢ ᠬᠦᠷᠦᠩᠭᠡᠲᠡᠨ ᠠᠩᠭᠢ ᠶᠢᠨ ᠠᠰᠢᠭ ᠲᠣᠰᠠ ᠶᠢ ᠲᠦᠯᠦᠭᠡᠯᠡᠵᠦ᠂ ᠠᠮᠧᠷᠢᠺᠠ ᠡᠵᠡᠷᠬᠡᠭ | ᠳᠦᠷᠢᠮᠡᠬᠡᠶᠢᠲᠡᠨ ᠤ ᠳᠡᠮᠵᠢᠯᠭᠡ ᠳᠣᠣᠷ᠎ᠠ ᠳᠣᠳᠣᠭᠠᠳᠣ ᠶᠢᠨ ᠳᠠᠶᠢᠨ ᠢ ᠡᠭᠦᠰᠭᠡᠵᠦ ᠣᠯᠣᠰ ᠤᠨ ᠨᠢᠭᠡᠳᠦᠯ ᠢ ᠬᠠᠷᠰᠢᠯᠠᠨ ᠳᠣᠮᠳᠠᠳᠣ ᠣᠯᠣᠰ ᠢ ᠬᠠᠷᠠᠩᠭᠤᠢ ᠵᠠᠮ ᠳᠤ | ᠣᠷᠣᠭᠤᠯᠬᠤ ᠪᠠᠷ ᠭᠤᠷᠢᠳᠠᠵᠣ ᠪᠠᠶᠢᠨ᠎ᠠ ᠭᠡᠳᠡᠭ ᠢ ᠢᠯᠡᠴᠢᠯᠡᠨ ᠲᠠᠶᠢᠯᠪᠣᠷᠢᠯᠠᠵᠤ᠂ ᠳᠣᠮᠳᠠᠳᠣ ᠣᠯᠣᠰ ᠤᠨ ᠡᠪ ᠬᠠᠮᠲᠣ ᠨᠠᠮ ᠳᠣᠳᠣᠭᠠᠳᠣ ᠶᠢᠨ ᠳᠠᠶᠢᠨ ᠢ ᠡᠷᠡᠰ | ᠡᠰᠡᠷᠭᠦᠴᠡᠵᠦ᠂ ᠡᠩᠬᠡ ᠲᠠᠶᠢᠪᠤᠩ ᠢ ᠬᠠᠮᠠᠭᠠᠯᠠᠨ᠂ ᠳᠣᠮᠳᠠᠳᠣ ᠣᠯᠣᠰ ᠢ ᠭᠡᠭᠡᠨ ᠰᠠᠷᠠᠭᠤᠯ ᠵᠠᠮ ᠳᠤ ᠣᠷᠣᠭᠤᠯᠬᠤ ᠪᠠᠷ ᠴᠢᠷᠮᠠᠶᠢᠨ ᠲᠡᠮᠡᠴᠡᠵᠦ ᠪᠠᠶᠢᠭ᠎ᠠ ᠪᠠᠶᠢᠳᠠᠯ | ᠪᠤᠯᠤᠨ ᠡᠪ ᠬᠠᠮᠲᠤ ᠨᠠᠮ ᠤᠨ ᠠᠷᠠᠳᠴᠢᠯᠠᠯ ᠪᠦᠯᠬᠦᠮᠳᠡᠯ ᠨᠠᠶᠢᠷᠠᠮᠳᠠᠯ ᠢᠶᠠᠷ ᠣᠯᠣᠰ ᠪᠠᠶᠢᠭᠤᠯᠬᠤ ᠵᠡᠷᠭᠡ ᠲᠦᠷᠦ ᠶᠢᠨ ᠪᠤᠳᠤᠯᠭ᠎ᠠ ᠶᠢ ᠣᠬᠠᠭᠤᠯᠵᠣ ᠪᠠᠶᠢᠪᠠ᠃ | 1946 ᠤᠨ ᠤ ᠡᠪᠦᠯ᠂ ᠳᠠᠬᠢᠯᠲᠣ ᠳᠠᠬᠢ ᠠᠵᠢᠯᠯᠠᠬᠤ ᠬᠤᠷᠢᠶ᠎ᠠ ᠠᠴᠠ ᠲᠠᠩᠨᠠᠨ ᠪᠠᠶᠢᠴᠠᠭᠠᠬᠤ ᠵᠦᠪᠯᠡᠭᠴᠢ ᠵᠸᠦ ᠰᠢᠨ ᠶᠣᠸᠠᠨ ᠢᠶᠠᠷ ᠴᠸᠦ ᠲᠢᠶᠠᠨ ᠯᠤ᠋᠂ ᠵᠠᠩ | ᡁᠢ ᠵᠧᠨ ᠢ ᠳᠠᠭᠠᠭᠤᠯᠣᠨ ᠪᠤᠯᠠᠭ ᠣᠷᠴᠢᠮ ᠣᠷᠣᠨ ᠳᠤ ᠬᠦᠷᠴᠦ᠂ ᠴᠢ ᠡᠸ᠋ᠨ ᠴᠧᠩ ᠤᠨ ᠳᠡᠷᠰᠯᠡᠭᠦᠦ ᠡᠳᠡᠭᠡᠳ ᠤᠨ ᠠᠵᠢᠯᠯᠠᠭ᠎ᠠ ᠶᠢ ᠲᠠᠩᠨᠠᠭᠤᠯᠤᠨ | ᠪᠠᠶᠢᠴᠠᠭᠠᠯᠭᠠᠪᠠ᠃ ᠲᠡᠨᠳᠡ ᠵᠠᠩ ᡁᠢ ᠵᠧᠨ ᠬᠠᠭᠤᠴᠢᠨ ᠠᠨᠳᠠ ᠮᠢᠩᠭᠠᠨᠪᠠᠶᠠᠷ ᠢᠶᠠᠨ ᠣᠷᠢᠶᠠᠯᠠᠵᠣ ᠳᠠᠬᠢᠯᠲᠤ ᠶᠢᠨ ᠠᠵᠢᠯᠯᠠᠬᠤ ᠬᠤᠷᠢᠶ᠎ᠠ ᠳᠤ ᠣᠴᠢᠭᠤᠯᠬᠤ ᠭᠡᠵᠦ | ᠪᠠᠶᠢᠭᠰᠠᠭᠠᠷ ᠭᠡᠳᠡᠷᠬᠦ ᠪᠠᠨ ᠮᠢᠩᠭᠠᠨᠪᠠᠶᠠᠷ ᠤᠨ ᠬᠤᠶᠢᠬᠤᠷ ᠠᠷᠭ᠎ᠠ ᠳᠤ ᠣᠨᠠᠵᠤ ᠴᠢ ᠡᠸ᠋ᠨ ᠴᠧᠩ ᠤᠨ ᠪᠦᠯᠦᠭ ᠲᠤ ᠪᠠᠷᠢᠪᠴᠢᠯᠠᠭᠳᠠᠨ ᠬᠤᠤᠷᠯᠠᠭᠳᠠᠪᠠ᠃ | ᠵᠠᠩ ᡁᠢ ᠵᠧᠨ ᠤ ᠬᠤᠤᠷᠯᠠᠭᠳᠠᠭᠰᠠᠨ ᠨᠢ ᠪᠦᠬᠦ ᠬᠤᠰᠢᠭᠤᠨ ᠤ ᠡᠯ᠎ᠡ ᠦᠨᠳᠦᠰᠦᠲᠡᠨ ᠤ ᠠᠷᠠᠳ ᠤᠨ ᠬᠢᠯᠢᠩ ᠬᠤᠷᠤᠰᠤᠯ ᠢ ᠳᠡᠭᠳᠡᠭᠡᠵᠦ᠂ ᠡᠯ᠎ᠡ | ᠦᠨᠳᠦᠰᠦᠲᠡᠨ ᠤ ᠠᠷᠠᠳ ᠲᠦᠮᠡᠨ ᠳᠣᠮᠳᠠᠳᠣ ᠣᠯᠣᠰ ᠤᠨ ᠡᠪ ᠬᠠᠮᠲᠤ ᠨᠠᠮ ᠤᠨ ᠶᠡᠭᠡ ᠵᠤᠤ ᠠᠶᠢᠮᠠᠭ ᠤᠨ ᠠᠵᠢᠯᠯᠠᠬᠤ ᠬᠤᠷᠢᠶ᠎ᠠ ᠪᠠ ᠣᠲᠤᠭ ᠬᠤᠰᠢᠭᠤᠨ ᠤ | ᠠᠵᠢᠯᠯᠠᠬᠤ ᠬᠤᠷᠢᠶ᠎ᠠ ᠶᠢᠨ ᠲᠣᠭᠤᠷᠢᠨ ᠳᠤ ᠪᠦᠯᠬᠦᠮᠳᠡᠵᠦ ᠡᠷᠡᠯᠭᠡᠭ ᠪᠠᠭᠠᠲᠣᠷᠯᠢᠭ ᠢᠶᠠᠷ ᠲᠡᠮᠡᠴᠡᠵᠦ ᠡᠮᠦᠨᠡᠬᠢ ᠨᠢ ᠣᠨᠠᠪᠠᠯ ᠬᠤᠶᠢᠨᠠᠬᠢ ᠨᠢ ᠪᠤᠰᠤᠯᠴᠠᠨ᠂ ᠡᠴᠦᠰ | ᠲᠡᠭᠡᠨ ᠣᠲᠤᠭ ᠬᠤᠰᠢᠭᠤᠨ ᠤ ᠲᠡᠷᠰᠯᠡᠭᠦᠦ ᠸᠠᠩ ᠭᠦᠩ ᠢᠵᠠᠭᠤᠷᠲᠠᠨ ᠤ ᠬᠠᠷᠭᠢᠰ ᠬᠡᠷᠴᠡᠭᠡᠢ ᠡᠵᠡᠷᠭᠡᠭᠯᠡᠯ ᠢ ᠳᠦᠯᠬᠢᠨ ᠣᠨᠠᠭᠠᠵᠤ᠂ 1949 ᠣᠨ ᠤ 8 ᠰᠠᠷ᠎ᠠ | ᠶᠢᠨ 23 ᠤ ᠡᠳᠦᠷ ᠣᠲᠤᠭ ᠬᠤᠰᠢᠭᠤᠨ ᠤ ᠪᠦᠷᠢᠮᠦᠰᠦᠨ ᠴᠢᠯᠦᠭᠡᠯᠡᠯᠲᠡ ᠶᠢ ᠣᠭᠳᠣᠨ ᠠᠪᠴᠢᠷᠠᠭᠰᠠᠨ ᠪᠠᠶᠢᠨ᠎ᠠ᠃ | ︵ᠳ᠋ᠦᠩᠱᠧᠩ ᠤᠨ ᠦᠷᠡᠭᠳᠡᠭᠰᠡᠨ ᠪᠠᠭᠠᠳᠤᠷᠴᠤᠳ ᠤᠨ ᠤᠩᠭᠤᠨ ᠤ ᠬᠠᠮᠢᠶᠠᠷᠤᠯᠳᠠ ᠶᠢᠨ ᠭᠠᠵᠡᠷ ᠠᠴᠠ ᠬᠠᠩᠭᠠᠪᠠ︶ | |