︽ᠡᠪᠡᠳᠴᠢᠨ ᠤ 90 % ᠨᠢ ᠠᠯᠬᠤᠭᠰᠠᠨ ᠢᠶᠠᠷ ᠡᠳᠡᠬᠡᠨ᠎ᠡ︾ ᠬᠡᠮᠡᠨ ᠨᠠᠭᠤ᠋ ᠺᠠᠵᠤᠬᠢᠷᠤ᠋ ᠬᠡᠬᠦ ᠶᠠᠫᠤᠨ ᠡᠮᠴᠢ | ᠪᠢᠴᠢᠵᠠᠢ᠃ | ᠠᠯᠬᠤᠬᠤ ᠳᠤ ᠴᠢᠰᠤᠨ ᠤ ᠴᠠᠶᠢᠪᠠᠩ ᠤᠨ ᠡᠳ᠋ ᠬᠡᠬᠦ ᠠᠵᠠ ᠵᠢᠷᠭᠠᠯ ᠤᠨ ᠳᠠᠭᠠᠭᠠᠪᠤᠷᠢ ᠢᠯᠭᠠᠷᠠᠨ᠎ᠠ᠃ | ᠴᠢᠰᠤᠨ ᠤ ᠴᠠᠶᠢᠪᠠᠩ ᠤᠨ ᠡᠳ᠋ ᠤᠨ ᠳᠠᠭᠠᠭᠠᠪᠤᠷᠢ ᠪᠠᠷ ︽ᠪᠤᠷᠤᠭ᠎ᠠ ᠤᠷᠤᠭᠤᠯᠤᠶ᠎ᠠ︾ ᠬᠡᠪᠡᠯ ᠠᠯᠬᠤᠵᠤ ᠪᠠᠶᠢᠬᠤ | ᠳᠠᠭᠠᠨ ᠦᠬᠡᠷ᠎ᠡ ᠵᠦᠢᠯ ᠳᠤ ᠰᠡᠳᠬᠢᠯ ᠬᠤᠪᠢᠶᠠᠭᠳᠠᠬᠤ ᠦᠬᠡᠢ ᠵᠦᠪᠬᠡᠨ ᠳᠡᠬᠦᠨ ᠳᠡᠭᠡᠨ ᠲᠦᠪᠯᠡᠷᠡᠨ᠃ ᠬᠦᠭᠵᠢᠮ | ᠰᠤᠨᠤᠰᠬᠤ᠂ ᠪᠢᠴᠢᠯᠬᠡ ᠦᠵᠡᠬᠦ ᠵᠡᠷᠬᠡ ᠨᠢ ᠴᠢᠰᠤᠨ ᠤ ᠴᠠᠶᠢᠪᠠᠩ ᠤᠨ ᠡᠳ᠋ ᠤᠨ ᠳᠠᠭᠠᠭᠠᠪᠤᠷᠢ ᠢᠯᠭᠠᠷᠠᠯᠳᠠ ᠶᠢ | ᠪᠠᠭᠤᠷᠠᠭᠤᠯᠬᠤ ᠰᠦᠷᠬᠡᠤ ᠨᠦᠯᠦᠬᠡ ᠲᠠᠢ᠃ | ᠮᠦᠨ ᠪᠤᠰᠤᠳ ᠬᠦᠮᠦᠨ ᠲᠠᠢ ᠬᠠᠮᠳᠤ᠂ ᠡᠰᠡᠪᠡᠯ ᠡᠩᠬᠦᠷᠡᠢ ᠠᠮᠢᠳᠠᠨ ᠢᠶᠠᠨ ᠳᠠᠭᠠᠭᠤᠯᠵᠤ ᠠᠯᠬᠤᠪᠠᠯ | ᠲᠦᠯᠯᠡᠭᠡ ᠶᠢ ᠰᠢᠪᠠᠳᠠᠬᠤ ᠡᠳ᠋ ᠪᠤᠶᠤ ᠬᠠᠶᠢᠷ᠎ᠠ ᠶᠢᠨ ᠳᠠᠭᠠᠭᠠᠪᠤᠷᠢ ᠢᠯᠭᠠᠷᠠᠨ᠎ᠠ᠃ ᠬᠠᠶᠢᠷ᠎ᠠ ᠶᠢᠨ ᠳᠠᠭᠠᠭᠠᠪᠤᠷᠢ | ᠨᠡᠮᠡᠭᠳᠡᠬᠦ ᠳᠤ ᠠᠵᠠ ᠵᠢᠷᠭᠠᠯ ᠤᠨ ᠳᠠᠭᠠᠭᠠᠪᠤᠷᠢ ᠳᠠᠭᠠᠭᠠᠳ ᠨᠡᠮᠡᠭᠳᠡᠨ᠎ᠡ᠃ | ᠬᠦᠮᠦᠨ ᠬᠦᠭᠰᠢᠷᠡᠬᠦ ᠳᠤᠰᠤᠮ᠂ ᠶᠠᠳᠠᠷᠠᠬᠤ ᠳᠤᠰᠤᠮ᠂ ᠡᠪᠡᠳᠬᠦ ᠳᠤᠰᠤᠮ ᠢᠶᠠᠨ ᠠᠯᠬᠤᠭᠠᠷᠠᠢ᠃ ᠰᠡᠳᠬᠢᠯ | ᠭᠤᠳᠤᠷᠠᠯ᠂ ᠨᠤᠶᠢᠷ ᠬᠤᠯᠵᠢᠬᠤ᠂ ᠤᠢ ᠰᠠᠨᠠᠮᠵᠢ ᠮᠠᠭᠤᠳᠠᠬᠤ᠂ ᠬᠠᠪᠤᠳᠠᠷ᠂ ᠰᠢᠬᠢᠷ ᠰᠢᠵᠢᠩ᠂ ᠳᠠᠷᠤᠯᠳᠠ ᠶᠡᠬᠡᠰᠬᠦ᠂ | ᠦᠶ᠎ᠡ ᠬᠡᠰᠢᠬᠦᠦ ᠶᠢᠨ ᠡᠪᠡᠳᠴᠢᠨ ᠢ ᠳᠠᠪᠠᠨ ᠭᠠᠷᠬᠤ ᠬᠦᠴᠦ ᠠᠯᠬᠤᠯᠳᠠ ᠠᠴᠠ ᠡᠬᠢᠯᠡᠨ᠎ᠡ᠃ | ᠠᠯᠬᠤᠬᠤ ᠶᠢᠨ ᠠᠴᠢ ᠳᠤᠰᠠ ᠮᠠᠰᠢ ᠶᠡᠭᠡ᠄ | 1. ᠵᠢᠷᠦᠬᠡ ᠰᠤᠳᠠᠰᠤᠨ ᠤ ᠪᠤᠯᠤᠨ ᠠᠮᠢᠰᠬᠤᠯ ᠤᠨ ᠵᠠᠮ ᠤᠨ ᠡᠷᠬᠡᠳᠡᠨ ᠨᠦᠭᠦᠳ ᠤᠨ ᠦᠢᠯᠡ ᠠᠵᠢᠯᠯᠠᠭ᠎ᠠ | ᠰᠠᠶᠢᠵᠢᠷᠠᠨ᠎ᠠ᠃ | 2. ᠵᠢᠷᠦᠬᠡᠨ ᠤ ᠳᠢᠳᠢᠮ ᠰᠤᠳᠠᠰᠤᠨ ᠤ ᠡᠪᠡᠳᠴᠢᠨ ᠪᠤᠯᠤᠨ ᠴᠢᠰᠤ ᠬᠠᠷᠪᠤᠬᠤ ᠡᠷᠡᠰᠳᠡᠯ ᠢ ᠪᠠᠭᠠᠰᠬᠠᠨ᠎ᠠ᠃ | 3. ᠴᠢᠰᠤᠨ ᠤ ᠦᠨᠳᠤᠷ ᠳᠠᠷᠤᠯᠳᠠ ᠪᠤᠯᠤᠨ ᠰᠢᠬᠢᠷ ᠰᠢᠵᠢᠩ ︵type 2︶ ᠤᠨ ᠡᠷᠡᠰᠳᠡᠯ ᠢ | ᠪᠠᠭᠠᠰᠬᠠᠨ᠎ᠠ᠃ | 4. ᠰᠦᠰᠦᠨ ᠤ ᠭᠤᠨᠠᠨ ᠠᠯᠺᠤᠤᠯ ᠤᠨ ᠬᠡᠮᠵᠢᠶ᠎ᠡ ᠶᠡᠬᠡᠰᠬᠦ ᠡᠷᠡᠰᠳᠡᠯ ᠢ ᠪᠠᠭᠠᠰᠬᠠᠨ᠎ᠠ᠃ | 5. ᠪᠦᠳᠦᠬᠦᠨ ᠬᠡᠳᠡᠰᠤ᠂ ᠬᠦᠬᠦᠨ ᠤ ᠬᠤᠤᠷᠳᠤ ᠬᠠᠪᠤᠳᠠᠷ᠂ ᠠᠭᠤᠰᠬᠢᠨ ᠤ ᠪᠤᠯᠤᠨ ᠤᠮᠠᠢ ᠶᠢᠨ ᠬᠤᠤᠷᠳᠤ | ᠬᠠᠪᠤᠳᠠᠷ ᠤᠨ ᠡᠷᠡᠰᠳᠡᠯ ᠢ ᠪᠠᠭᠠᠰᠬᠠᠨ᠎ᠠ᠃ | 6. ᠶᠠᠰᠤᠨ ᠤ ᠰᠡᠶᠢᠷᠡᠭᠵᠢᠯᠳᠡ ᠶᠢ ᠤᠳᠠᠭᠠᠰᠢᠷᠠᠭᠤᠯᠵᠤ᠂ ᠶᠠᠰᠤᠨ ᠤ ᠨᠢᠠᠠᠳᠠᠷᠠᠯ ᠢ ᠰᠠᠶᠢᠵᠢᠷᠠᠭᠤᠯᠤᠨ᠎ᠠ᠃ | 7. ᠠᠮᠢ ᠨᠠᠰᠤ ᠶᠢ ᠤᠷᠳᠤᠳᠬᠠᠨ᠎ᠠ᠃ ︵ᠬᠡᠷᠪᠡ ᠲᠠ ᠳᠤᠯᠤᠭ᠎ᠠ ᠬᠤᠨᠤᠭ ᠲᠤ 7 ᠴᠠᠭ ᠢᠳᠡᠪᠬᠢᠳᠡᠢ | ᠬᠦᠳᠡᠯᠬᠡᠬᠡᠨ ᠬᠢᠳᠡᠭ ᠪᠤᠯ ᠬᠦᠳᠡᠯᠬᠡᠬᠡᠨ ᠪᠠᠭ᠎ᠠ ᠲᠠᠢ ᠬᠦᠮᠦᠰ ᠲᠠᠢ ᠬᠠᠷᠢᠴᠠᠭᠤᠯᠬᠤ ᠳᠤ ᠡᠷᠳᠡ ᠨᠠᠰᠤ ᠨᠠᠷᠠᠬᠤ | ᠡᠷᠡᠰᠳᠡᠯ 40% ᠪᠠᠭᠰᠤᠨᠠ︶ | 8. ᠢᠯᠡᠬᠦᠦ ᠵᠢᠩ ᠢᠶᠠᠨ ᠬᠠᠰᠤᠵᠤ᠂ ᠪᠡᠶ᠎ᠡ ᠶᠢᠨ ᠵᠢᠩ ᠢᠶᠠᠨ ᠪᠠᠷᠢᠨ᠎ᠠ᠃ ︵70 ᠺᠢᠯᠦᠭᠷᠠᠮ ᠵᠢᠩ ᠲᠠᠢ | ᠬᠦᠮᠦᠨ ᠠᠭᠤᠯᠠᠨ ᠳᠤ ᠠᠯᠬᠤᠬᠤ ᠳᠤ 370 ᠺᠠᠯᠤᠷᠢ ᠵᠠᠷᠤᠴᠠᠭᠤᠯᠳᠠᠭ︶ | 9. ᠬᠦᠯ ᠭᠠᠷ᠂ ᠬᠡᠳᠡᠰᠤ ᠨᠢᠷᠤᠭᠤᠨ ᠤ ᠪᠤᠯᠴᠢᠩ ᠢ ᠬᠦᠭᠵᠢᠬᠦᠯᠵᠤ᠂ ᠡᠷᠡᠬᠦᠯ ᠴᠢᠬᠢᠷᠠᠭ ᠪᠤᠯᠭᠠᠨ᠎ᠠ᠃ | 10. ᠨᠤᠶᠢᠷ ᠰᠠᠶᠢᠨ ᠪᠤᠯᠵᠤ ᠳᠠᠷᠤᠭᠠᠰᠤ ᠳᠠᠶᠢᠯᠤᠭᠳᠠᠵᠤ᠂ ᠰᠡᠳᠬᠢᠯ ᠵᠤᠪᠠᠨᠢᠯ ᠢᠶᠠᠨ ᠮᠠᠷᠳᠠᠬᠤ ᠵᠡᠷᠬᠡ | ᠳᠤᠰᠠ ᠲᠠᠢ᠃ | | |