ᠶᠡᠭᠡ ᠬᠠᠯᠠᠭᠤᠨ ᠳᠤ ᠶᠠᠭᠤ ᠶᠢ ᠠᠩᠬᠠᠷᠬᠤ ᠴᠢᠬᠤᠯᠠᠳᠠᠢ ᠪᠤᠢ︖
ᠨᠡᠶᠢᠲᠡᠯᠡᠭᠰᠡᠨ ᠴᠠᠭ᠄
2023/8/7
      ᠶᠡᠭᠡ ᠬᠠᠯᠠᠭᠤᠨ ᠤ ᠴᠠᠭ ᠠᠭᠤᠷ ᠲᠤ ᠤᠷᠤᠭᠰᠠᠨ ᠤ ᠳᠠᠷᠠᠭ᠎ᠠ ᠠᠭᠠᠬᠢᠮ᠎ᠠ ᠬᠠᠯᠠᠭᠤᠨ ᠴᠠᠭ ᠠᠭᠤᠷ ᠦᠷᠬᠦᠯᠵᠢᠯᠡᠵᠤ᠂ ᠲᠦᠮᠡᠨ ᠪᠤᠳᠠᠰ ᠤᠨ ᠦᠰᠦᠯᠳᠡ ᠲᠦᠷᠬᠡᠰᠬᠦ ᠱᠠᠳᠤᠨ ᠳᠤ ᠪᠠᠨ ᠤᠷᠤᠳᠠᠭ᠃ ᠳᠡᠬᠡᠪᠡᠯ ᠡᠨᠡ ᠦᠶ᠎ᠡ ᠳᠤ ᠪᠡᠶ᠎ᠡ ᠪᠠᠨ ᠰᠤᠪᠢᠯᠠᠬᠤ ᠳᠤ ᠶᠠᠭᠤ ᠶᠢ ᠠᠩᠬᠠᠷᠬᠤ ᠴᠢᠬᠤᠯᠠᠳᠠᠢ ᠵᠤᠬᠢᠬᠤ ᠪᠤᠢ︖      ◆ ᠶᠡᠭᠡ ᠬᠠᠯᠠᠭᠤᠨ ᠪᠤᠯ ᠬᠤᠷᠢᠨ ᠲᠦᠷᠪᠡᠨ ᠤᠯᠠᠷᠢᠯ ᠤᠨ ᠳᠤᠮᠳᠠ ᠠᠷᠭ᠎ᠠ ᠬᠡᠢ ᠬᠠᠮᠤᠭ ᠤᠨ ᠪᠠᠳᠠᠷᠠᠩᠭᠤᠢ ᠦᠶ᠎ᠡ ᠪᠤᠯᠬᠤᠷ ᠠᠯᠢ ᠴᠢᠳᠠᠬᠤ ᠪᠠᠷ ᠤᠷᠳᠤ ᠬᠤᠭᠤᠴᠠᠭ᠎ᠠ ᠪᠠᠷ ᠨᠠᠷᠠᠨ ᠳᠤ ᠰᠢᠷᠠᠭᠳᠠᠬᠤ ᠠᠴᠠ ᠵᠠᠶᠢᠯᠠᠰᠬᠢᠬᠦ ᠬᠡᠷᠡᠭᠳᠡᠢ᠃ ᠬᠡᠷᠪᠡ ᠳᠤᠯᠤᠭᠠᠢ ᠡᠷᠬᠢᠬᠦ᠂ ᠳᠤᠷ᠎ᠠ ᠪᠤᠯᠬᠢᠬᠤ᠂ ᠪᠦᠬᠡᠯᠵᠢᠬᠦ ᠵᠡᠷᠬᠡ ᠨᠠᠷᠠᠰᠢᠬᠤ ᠰᠢᠨᠵᠢ ᠢᠯᠡᠷᠡᠪᠡᠯ᠂ ᠠᠯᠢ ᠲᠦᠷᠬᠡᠨ ᠢᠶᠠᠷ ᠰᠠᠯᠬᠢ ᠵᠢᠪᠡᠷ ᠨᠡᠪᠳᠡᠷᠡᠬᠦ ᠰᠡᠷᠢᠬᠦᠨ ᠭᠠᠵᠠᠷ ᠲᠤ ᠰᠢᠯᠵᠢᠬᠦ ᠶᠢᠨ ᠬᠠᠮᠳᠤ ᠡᠮᠨᠡᠯᠬᠡ ᠳᠤ ᠬᠦᠷᠴᠤ ᠡᠮᠨᠡᠬᠦᠯᠬᠦ ᠬᠡᠷᠡᠭᠳᠡᠢ᠃      ◆ ᠵᠤᠨ ᠤ ᠤᠯᠠᠷᠢᠯ ᠳᠤ ᠠᠷᠭ᠎ᠠ ᠬᠡᠢ ᠪᠠᠳᠠᠷᠠᠵᠤ᠂ ᠬᠠᠯᠠᠭᠤᠨ ᠳᠡᠬᠡᠭᠰᠢ ᠠᠭᠰᠠᠳᠠᠭ ᠪᠤᠯᠬᠤᠷ ᠬᠦᠮᠦᠰ ᠠᠮᠠᠷᠬᠠᠨ ᠪᠠᠴᠢᠮᠳᠠᠨ ᠰᠠᠨᠳᠤᠷᠳᠠᠭ᠂ ᠡᠨᠡ ᠦᠶ᠎ᠡ ᠳᠤ ᠪᠡᠶ᠎ᠡ ᠰᠤᠪᠢᠯᠠᠬᠤ ᠳᠤ ᠵᠢᠷᠦᠬᠡ ᠪᠠᠨ ᠰᠤᠪᠢᠯᠠᠬᠤ ᠪᠠᠷ ᠭᠤᠤᠯ ᠪᠤᠯᠭᠠᠬᠤ ᠬᠡᠷᠡᠭᠳᠡᠢ᠃ ᠡᠬᠦᠨ ᠳᠤ᠂ ᠡᠳᠤᠷ ᠳᠤᠳᠤᠮ ᠤᠨ ᠠᠮᠢᠳᠤᠷᠠᠯ ᠳᠠᠭᠠᠨ ᠰᠡᠳᠬᠢᠯ ᠰᠠᠨᠠᠭ᠎ᠠ ᠪᠠᠨ ᠳᠠᠶᠢᠪᠤᠰᠢᠷᠠᠭᠤᠯᠤᠨ᠂ ᠰᠤᠯᠠ ᠠᠯᠬᠤᠬᠤ᠂ ᠤᠰᠤᠨ ᠳᠤ ᠤᠮᠪᠠᠭ᠋ᠤ ᠮᠡᠳᠤ ᠶᠢᠨ ᠬᠡᠷ ᠤᠨ ᠭᠠᠳᠠᠨᠠᠬᠢ ᠬᠦᠳᠡᠯᠬᠡᠬᠡᠨ ᠳᠤ ᠵᠤᠬᠢᠬᠤ ᠬᠡᠮᠵᠢᠶ᠎ᠡ ᠪᠠᠷ ᠤᠷᠤᠯᠴᠠᠪᠠᠯ ᠰᠠᠶᠢᠨ᠃       ᠡᠬᠦᠨ ᠠᠴᠠ ᠭᠠᠳᠠᠨ᠎ᠠ ᠪᠠᠰᠠ ᠠᠯᠳᠠᠨ ᠮᠦᠩᠬᠦᠨ ᠴᠡᠴᠡᠭ᠂ ᠨᠠᠷᠠᠰᠤᠨ ᠮᠤᠳᠤᠨ ᠤ ᠰᠢᠮ᠎ᠡ ᠵᠡᠷᠬᠡ ᠬᠠᠯᠠᠭᠤᠨ  ᠢ ᠬᠦᠬᠡᠬᠡᠵᠤ᠂ ᠬᠤᠤᠷ ᠢ ᠳᠠᠶᠢᠯᠠᠬᠤ ᠦᠢᠯᠡᠳᠤᠯ ᠲᠠᠢ ᠴᠠᠢ ᠶᠢ ᠢᠯᠡᠬᠦᠦ ᠤᠤᠭᠤᠪᠠᠯ ᠵᠤᠬᠢᠨ᠎ᠠ᠃
ᠢᠷᠡᠯᠲᠡ᠄ ︽ᠦᠪᠦᠷ ᠮᠤᠩᠭᠤᠯ ᠤᠨ ᠮᠤᠩᠭᠤᠯ ᠷᠠᠳᠢᠤ᠋︾ ᠵᠢᠷᠬᠡᠶ᠎ᠡ ᠳᠠᠪᠴᠠᠩ