ᠳᠠᠶᠢᠹᠧᠩ ᠰᠠᠯᠬᠢ ᠳᠤᠬᠢᠶᠠᠯᠳᠤᠪᠠᠯ ᠦᠪᠡᠷ ᠢ ᠪᠠᠨ ᠬᠡᠷᠬᠢᠨ ᠠᠪᠤᠷᠠᠬᠤ ᠪᠤᠢ︖
ᠨᠡᠶᠢᠲᠡᠯᠡᠭᠰᠡᠨ ᠴᠠᠭ᠄
2023/8/6
     7.8 ᠳ᠋ᠤᠭᠠᠷ ᠰᠠᠷ᠎ᠠ ᠪᠤᠯ ᠮᠠᠨ ᠤ ᠤᠯᠤᠰ ᠲᠤ ᠳᠠᠶᠢᠹᠧᠩ ᠰᠠᠯᠬᠢ ᠤᠯᠠᠨ ᠡᠬᠦᠰᠳᠡᠭ ᠦᠶ᠎ᠡ ᠪᠤᠯᠤᠨ᠎ᠠ᠃ ᠳᠠᠶᠢᠹᠧᠩ ᠰᠠᠯᠬᠢ ᠮᠠᠨ ᠤ ᠤᠯᠤᠰ ᠤᠨ ᠳᠠᠯᠠᠢ ᠳᠠᠭᠠᠤ ᠤᠷᠤᠨ ᠢ ᠳᠠᠭᠠᠷᠢᠬᠤ ᠪᠤᠯᠭᠠᠨ ᠳᠤᠭᠰᠢᠨ ᠰᠠᠯᠬᠢ ᠰᠢᠷᠦᠬᠦᠨ ᠪᠤᠷᠤᠭᠠᠨ ᠢ ᠠᠪᠴᠢᠷᠠᠵᠤ᠂ ᠬᠦᠨᠳᠤ ᠨᠤᠴᠢᠳᠠᠢ ᠠᠵᠤ ᠠᠬᠤᠢ ᠶᠢᠨ ᠬᠤᠬᠢᠷᠠᠯ ᠤᠴᠠᠷᠠᠭᠤᠯᠤᠨ᠂ ᠴᠢᠨᠠᠭᠰᠢᠯᠠᠪᠠᠯ ᠬᠦᠮᠦᠨ ᠬᠠᠷ᠎ᠠ ᠠᠳᠡᠵᠤ ᠰᠢᠷᠬᠠᠳᠤᠬᠤ ᠤᠴᠢᠷ ᠭᠠᠷᠳᠠᠭ᠃ ᠡᠨᠡ ᠦᠶᠡᠰ ᠴᠠᠭ ᠳᠤᠬᠠᠢ ᠳᠤᠨᠢ ᠰᠡᠷᠬᠡᠶᠢᠯᠡᠬᠦ ᠠᠷᠭ᠎ᠠ ᠬᠡᠮᠵᠢᠶ᠎ᠡ ᠠᠪᠤᠪᠠᠯ᠂ ᠳᠠᠶᠢᠹᠧᠩ ᠰᠠᠯᠬᠢᠨ ᠠᠴᠠ ᠪᠤᠯᠤᠬᠰᠠᠨ ᠭᠠᠢ ᠭᠠᠮᠰᠢᠭ ᠢ ᠬᠠᠮᠤᠭ ᠤᠨ ᠶᠡᠭᠡ ᠬᠡᠮᠵᠢᠶ᠎ᠡ ᠪᠠᠷ ᠪᠠᠭᠠᠰᠬᠠᠵᠤ ᠴᠢᠳᠠᠳᠠᠭ᠃      △ ᠳᠠᠶᠢᠹᠧᠩ ᠰᠠᠯᠬᠢ ᠢᠷᠡᠬᠦ ᠦᠶ᠎ᠡ ᠳᠤ ᠴᠢᠳᠠᠬᠤ ᠶᠢᠨ ᠳᠤᠳᠤᠷ᠎ᠠ ᠭᠠᠳᠠᠭᠰᠢ ᠭᠠᠷᠬᠤ ᠦᠬᠡᠢ᠃      △ ᠬᠡᠷ ᠲᠡᠭᠡᠨ ᠪᠠᠶᠢᠪᠠᠯ ᠡᠬᠦᠳᠡ ᠴᠤᠩᠬᠤ ᠪᠠᠨ ᠴᠢᠩᠭ᠎ᠠ ᠬᠠᠭᠠᠵᠤ᠂ ᠨᠠᠭᠠᠯᠳᠠ ᠪᠠᠷ ᠴᠤᠩᠬᠤᠨ ᠰᠢᠯ ᠢᠶᠠᠨ ᠨᠠᠭᠠᠵᠤ᠂ ᠴᠤᠩᠬᠤᠨ ᠰᠢᠯ ᠬᠠᠭᠠᠷᠠᠬᠤ ᠠᠴᠠ ᠰᠡᠷᠬᠡᠶᠢᠯᠡᠨ᠎ᠡ᠃      △ ᠨᠠᠷᠠᠪᠴᠢ ᠪᠤᠶᠤ ᠳᠡᠬᠡᠪᠤᠷ ᠳᠡᠬᠡᠷᠡᠬᠢ ᠠᠮᠠᠷᠬᠠᠨ ᠰᠠᠯᠬᠢᠨ ᠳᠤ ᠦᠯᠢᠶᠡᠭᠳᠡᠬᠦ ᠶᠠᠭᠤᠮᠠᠰ ᠢ ᠴᠢᠩᠭ᠎ᠠ ᠪᠠᠬᠢᠯᠡᠵᠤ᠂ ᠴᠡᠴᠡᠭ ᠤᠨ ᠫᠧᠩᠰᠡ ᠶᠢ ᠬᠡᠷ ᠲᠡᠭᠡᠨ ᠤᠷᠤᠭᠤᠯᠵᠤ ᠳᠠᠯᠪᠢᠨ᠎ᠠ᠃      △ ᠴᠠᠬᠢᠯᠭᠠᠨ ᠤᠳᠠᠰᠤ᠂ ᠵᠤᠤᠬ᠎ᠠ᠂ ᠨᠡᠬᠦᠷᠡᠰᠤᠨ ᠬᠡᠢ ᠵᠡᠷᠬᠡ ᠲᠦᠬᠦᠬᠡᠷᠦᠮᠵᠢ ᠶᠢ ᠪᠠᠶᠢᠴᠠᠭᠠᠵᠤ᠂ ᠠᠶᠤᠯᠬᠦᠢ ᠪᠠᠶᠢᠬᠤ ᠶᠢ ᠪᠠᠳᠤᠯᠠᠨ᠎ᠠ᠃      △ ᠢᠳᠡᠬᠡᠨ ᠤᠮᠳᠠᠭᠠᠨ᠂ ᠤᠰᠤ᠂ ᠡᠮ ᠵᠢᠴᠢ ᠭᠠᠷ ᠳ᠋ᠧᠩ᠂ ᠰᠢᠯᠵᠢᠮᠡᠯ ᠴᠠᠬᠢᠯᠭᠠᠨ ᠡᠬᠦᠰᠬᠡᠭᠴᠢ ᠵᠡᠷᠬᠡ ᠪᠠᠴᠢᠮ ᠪᠠᠶᠢᠳᠠᠯ ᠢ ᠠᠷᠭᠠᠴᠠᠭᠠᠬᠤ ᠪᠤᠳᠠᠰ ᠢ ᠵᠤᠬᠢᠬᠤ ᠬᠡᠮᠵᠢᠶ᠎ᠡ ᠪᠠᠷ ᠨᠦᠬᠡᠴᠡᠯᠡᠨ᠎ᠡ᠃     △ ᠬᠡᠷ ᠤᠨ ᠢᠶᠠᠨ ᠦᠨᠡᠳᠤ ᠪᠤᠳᠠᠰ ᠢ ᠴᠤᠩᠬᠤᠨ ᠤ ᠬᠠᠵᠠᠭᠤ ᠠᠴᠠ ᠵᠠᠶᠢᠯᠠᠭᠤᠯᠵᠤ᠂ ᠴᠤᠩᠬᠤᠨ ᠤ ᠦᠢᠷᠠᠯᠴᠠᠭ᠎ᠠ ᠵᠤᠭᠰᠤᠬᠤ ᠦᠬᠡᠢ᠃      △ ᠬᠡᠷᠪᠡ ᠬᠡᠷ ᠤᠨ ᠭᠠᠳᠠᠨ᠎ᠠ ᠪᠠᠶᠢᠪᠠᠯ᠂ ᠲᠦᠷ ᠴᠠᠭ ᠤᠨ ᠪᠠᠷᠢᠯᠭ᠎ᠠ᠂ ᠵᠠᠷ ᠢᠯᠡᠷᠬᠡᠶᠢᠯᠡᠯ᠂ ᠰᠤᠪᠤᠷᠭ᠎ᠠ᠂ ᠮᠤᠳᠤ ᠵᠡᠷᠬᠡ ᠶᠢᠨ ᠦᠢᠷᠠᠯᠴᠠᠭ᠎ᠠ ᠪᠠᠶᠢᠵᠤ ᠪᠤᠯᠬᠤ ᠦᠬᠡᠢ᠃      △ ᠮᠠᠰᠢᠨ ᠳᠡᠷᠬᠡ ᠪᠠᠨ ᠠᠮᠤᠷ ᠲᠦᠪᠰᠢᠨ ᠭᠠᠵᠠᠷ ᠵᠤᠭᠰᠤᠭᠠᠬᠤ ᠬᠡᠷᠡᠭᠳᠡᠢ᠃     △ ᠳᠠᠯᠠᠢ ᠳᠠᠩᠬᠢᠰ᠂ ᠭᠤᠤᠯ ᠮᠦᠷᠡᠨ᠂ ᠨᠠᠭᠤᠷ ᠴᠦᠬᠦᠷᠦᠮ ᠳᠡᠬᠡᠷᠡᠬᠢ ᠠᠯᠢᠪᠠ ᠠᠵᠢᠯᠯᠠᠭ᠎ᠠ ᠪᠠᠨ ᠳᠠᠷᠤᠶᠢᠬᠠᠨ ᠵᠤᠭᠰᠤᠭᠠᠵᠤ᠂ ᠬᠤᠳᠤᠭᠤᠷ ᠭᠠᠵᠠᠷ ᠲᠤ ᠤᠷᠤᠬᠤ ᠠᠴᠠ ᠳᠠᠳᠠᠭᠠᠯᠵᠠᠨ᠂ ᠳᠠᠯᠠᠢ ᠶᠢᠨ ᠬᠦᠪᠡᠬᠡᠨ ᠠᠴᠠ ᠬᠤᠯᠠ ᠪᠠᠶᠢᠬᠤ ᠬᠡᠷᠡᠭᠳᠡᠢ᠃      △ ᠤᠩᠭᠤᠴᠠ ᠰᠠᠯ ᠳᠤ ᠰᠠᠭᠤᠵᠤ ᠪᠠᠶᠢᠪᠠᠯ ᠬᠠᠮᠢᠶ᠎ᠠ ᠪᠦᠬᠦᠢ ᠬᠦᠮᠦᠰ ᠤᠨ ᠵᠢᠯᠤᠭᠤᠳᠤᠯᠭ᠎ᠠ ᠶᠢ ᠳᠠᠭᠠᠵᠤ᠂ ᠳᠠᠷᠤᠢ ᠲᠦᠷᠬᠡᠨ ᠰᠠᠯᠬᠢ ᠳᠠᠯᠳᠠᠯᠠᠬᠤ ᠭᠠᠵᠠᠷ ᠲᠤ ᠬᠦᠷᠴᠤ ᠳᠠᠯᠳᠠᠯᠠᠬᠤ ᠬᠡᠷᠡᠭᠳᠡᠢ᠃
ᠢᠷᠡᠯᠲᠡ᠄ ︽ᠦᠪᠦᠷ ᠮᠤᠩᠭᠤᠯ ᠤᠨ ᠮᠤᠩᠭᠤᠯ ᠷᠠᠳᠢᠤ᠋︾ ᠵᠢᠷᠬᠡᠶ᠎ᠡ ᠳᠠᠪᠴᠠᠩ