| ᠡᠷᠡᠭᠲᠡᠢ᠂ ᠬᠢᠲᠠᠳ ᠦᠨᠳᠦᠰᠦᠲᠡᠨ᠂ ᠱᠠᠨᠰᠢ ᠮᠣᠵᠢ ᠶᠢᠨ ᠾᠧᠩ ᠱᠠᠨ ᠰᠢᠶᠠᠨ ᠳᠤ ᠲᠦᠷᠦᠵᠦ᠂ ᠬᠤᠵᠢᠮ ᠨᠢ ᠵᠢᠩᠪᠢᠶᠠᠨ ᠰᠢᠶᠠᠨ ᠤ ᠬᠠᠢ ᠽᠢ ᠲᠠ ᠳᠤ | ᠨᠡᠭᠦᠵᠦ ᠤᠴᠢᠵᠠᠢ᠃ ᠪᠦᠬᠦ ᠭᠡᠷ ᠢᠶᠠᠷ ᠢᠶᠠᠨ ᠲᠠᠷᠢᠶᠠᠨ ᠠᠵᠢᠯ ᠬᠢᠵᠦ ᠠᠮᠢ ᠵᠢᠭᠤᠵᠤ ᠪᠠᠶᠢᠭᠰᠠᠨ ᠪᠤᠯᠪᠠᠴᠤ ᠲᠤᠶᠢᠯ ᠤᠨ ᠶᠠᠳᠠᠭᠤ ᠬᠦᠴᠢᠷᠳᠡᠯᠲᠡᠢ ᠠᠮᠢᠳᠣᠷᠠᠵᠤ | ᠪᠠᠶᠢᠪᠠ᠃ | 1935 ᠤᠨ ᠳᠤ᠂ ᠯᠢᠦ ᡁᠢ ᠳ᠋ᠠᠨ ᠤ ᠤᠳᠤᠷᠢᠳᠤᠭᠰᠠᠨ ᠱᠠᠨᠪᠸᠢ ᠶᠢᠨ ᠣᠯᠠᠭᠠᠨ ᠴᠡᠷᠢᠭ ᠾᠧᠩ ᠱᠠᠨ ᠢ ᠴᠢᠯᠦᠭᠡᠯᠡᠭᠰᠡᠨ ᠤ ᠳᠠᠷᠠᠭ᠎ᠠ᠂ ᠸᠠᠩ ᠸᠠᠨ ᠨᠢᠶᠠᠨ | ᠠᠬ᠎ᠠ ᠳᠡᠭᠦᠦ ᠲᠠᠢ ᠪᠠᠨ ᠬᠤᠪᠢᠰᠬᠠᠯ ᠳᠤ ᠣᠷᠣᠯᠴᠠᠪᠠ᠃ ᠲᠡᠷᠡ ᠦᠶ᠎ᠡ ᠠᠴᠠ ᠡᠬᠢᠯᠡᠭᠡᠳ 15 ᠨᠠᠰᠣᠲᠠᠢ ᠸᠠᠩ ᠸᠠᠨ ᠨᠢᠶᠠᠨ ᠤᠯᠠᠭᠠᠨ ᠴᠡᠷᠢᠭ ᠢ ᠳᠠᠭᠠᠵᠤ | ᠨᠣᠲᠤᠭ ᠤᠨ ᠬᠠᠷᠭᠢᠰᠴᠤᠳ ᠢ ᠴᠣᠬᠢᠨ ᠭᠠᠵᠠᠷ ᠲᠠᠷᠢᠶ᠎ᠠ ᠬᠤᠪᠢᠶᠠᠵᠤ᠂ ᠮᠠᠰᠢ ᠡᠷᠴᠢ ᠵᠣᠷᠢᠭ ᠲᠠᠢ ᠠᠵᠢᠯᠯᠠᠵᠤ ᠪᠠᠶᠢᠭᠰᠠᠨ ᠠᠴᠠ ᠬᠦᠮᠦᠰ ᠲᠡᠭᠦᠨ ᠢ ᠲᠣᠳᠣᠨᠣ ᠪᠠᠷ | ᠪᠢᠴᠢᠬᠠᠨ ᠣᠯᠠᠭᠠᠨ ᠴᠡᠷᠢᠭ ᠭᠡᠳᠡᠭ ᠪᠠᠶᠢᠯ᠎ᠠ᠃ ᠸᠠᠩ ᠸᠠᠨ ᠨᠢᠶᠠᠨ ᠪᠠᠶᠢᠯᠳᠣᠭᠠᠨ ᠳᠤ ᠡᠷᠡᠯᠭᠡᠭ ᠪᠠᠭᠠᠲᠣᠷᠯᠢᠭ ᠢᠶᠠᠷ ᠣᠷᠣᠯᠴᠠᠳᠠᠭ ᠪᠦᠭᠡᠳ ᠨᠢᠭᠡᠨ ᠣᠳᠠᠭ᠎ᠠ ᠮᠠᠨ ᠤ | ᠴᠡᠷᠢᠭ ᠲᠡᠮᠡᠭᠡᠲᠦ ᠶᠢᠨ ᠴᠡᠷᠢᠭ ᠤᠨ ᠡᠷᠬᠡᠲᠡᠨ ᠭᠤᠣ ᠱᠤᠸᠠᠩ ᠴᠧᠩ ᠤᠨ ᠴᠡᠷᠢᠭ ᠲᠠᠢ ᠪᠠᠶᠢᠯᠳᠣᠵᠣ ᠪᠠᠶᠢᠬᠤ ᠳᠤ ᠲᠡᠷᠡ ᠭᠠᠭᠴᠠᠭᠠᠷ ᠢᠶᠠᠨ ᠭᠤᠷᠪᠠᠨ ᠳᠠᠶᠢᠰᠣᠨ ᠢ | ᠰᠦᠨᠦᠭᠡᠪᠡ᠃ ᠳᠡᠮᠡᠢ ᠣᠳᠠᠭᠰᠠᠨ ᠦᠭᠡᠢ ᠸᠠᠩ ᠸᠠᠨ ᠨᠢᠶᠠᠨ ᠳᠣᠮᠳᠠᠳᠣ ᠣᠯᠣᠰ ᠤᠨ ᠡᠪ ᠬᠠᠮᠲᠤ ᠨᠠᠮ ᠳᠤ ᠣᠷᠣᠵᠣ᠂ ᠵᠢᠩᠪᠢᠶᠠᠨ ᠰᠢᠶᠠᠨ ᠤ ᠴᠡᠷᠢᠭ ᠤᠨ | ᠶᠠᠪᠣᠳᠠᠯ ᠤᠨ ᠬᠡᠯᠳᠡᠰ ᠲᠤ ᠡᠷᠦᠬᠡ ᠶᠢᠨ ᠴᠡᠷᠢᠭ ᠤᠨ ᠠᠵᠢᠯ ᠬᠢᠪᠡ᠃ | 1936 ᠣᠨ ᠳᠤ᠂ ᠸᠠᠩ ᠸᠠᠨ ᠨᠢᠶᠠᠨ ᠢ ᠭᠤᠷᠪᠠᠨ ᠪᠢᠶᠠᠨ ᠤ ᠮᠤᠷᠢᠲᠤ ᠴᠡᠷᠢᠭ ᠤᠨ ᠬᠤᠷᠢᠶᠠᠨ ᠤ ᠰᠣᠮᠣᠨ ᠳᠠᠷᠤᠭ᠎ᠠ ᠪᠠᠷ ᠲᠣᠮᠢᠯᠠᠪᠠ᠃ ᠲᠡᠷᠡ ᠣᠳᠠᠭ᠎ᠠ | ᠪᠦᠷᠢ ᠴᠡᠷᠢᠭ ᠠᠩᠭᠢ ᠪᠠᠨ ᠳᠠᠭᠠᠭᠤᠯᠣᠨ ᠲᠡᠮᠡᠭᠡᠲᠦ ᠶᠢᠨ ᠵᠢᠩ ᠶᠦᠸᠧ ᠰᠢᠦ᠂ ᠭᠤᠷᠪᠠᠨ ᠪᠢᠶᠠᠨ ᠤ ᠵᠠᠩ ᠲᠢᠩ ᡁᠢ ᠶᠢᠨ ᠴᠡᠷᠢᠭ ᠲᠠᠢ ᠪᠠᠶᠢᠯᠳᠣᠬᠤ ᠦᠶ᠎ᠡ ᠶᠡᠷᠦᠨᠢ | ᠬᠠᠮᠤᠭ ᠤᠨ ᠲᠡᠷᠢᠭᠦᠨ ᠳᠤ ᠳᠠᠭᠠᠷᠢᠨ ᠣᠷᠣᠳᠠᠭ ᠪᠠᠶᠢᠪᠠ᠃ ᠨᠠᠮᠤᠷ ᠨᠢ ᠭᠤᠷᠪᠠᠨ ᠪᠢᠶᠠᠨ ᠤ ᠤᠨᠴᠠᠭᠠᠢ ᠬᠤᠷᠢᠶ᠎ᠠ ᠠᠴᠠ ᠮᠦ ᠱᠧᠩ ᠹᠠ᠂ ᠼᠣᠣ ᠪᠦ᠋ ᠴᠧᠩ᠂ ᠸᠠᠩ | ᠳ᠋ᠧ ᠱᠧᠩ᠂ ᠼᠦᠢ ᠱᠦ ᡁᠢ᠂ ᠸᠠᠩ ᠸᠠᠨ ᠨᠢᠶᠠᠨ ᠵᠡᠷᠭᠡ ᠬᠦᠮᠦᠰ ᠢ ᠰᠠᠶ᠋ᠢᠬᠠᠨ ᠴᠢᠯᠦᠭᠡᠯᠡᠭᠳᠡᠭᠰᠡᠨ ᠣᠲᠤᠭ ᠬᠤᠰᠢᠭᠤᠨ ᠤ ᠢᠮᠠᠭᠠᠯᠠᠢ᠂ ᠳᠠᠬᠢᠯᠲᠤ ᠳᠤ ᠲᠣᠮᠢᠯᠠᠵᠤ | ᠠᠵᠢᠯᠯᠠᠭᠤᠯᠪᠠ᠃ ᠸᠠᠩ ᠸᠠᠨ ᠨᠢᠶᠠᠨ ᠮᠠ ᠴᠠᠩ ᠵᠢᠩ᠂ ᠮᠠᠨ ᠱᠦᠢ ᠲᠠᠩ ᠣᠷᠴᠢᠮ ᠢᠶᠠᠷ ᠭᠦᠨᠵᠡᠭᠡᠶᠢᠷᠡᠨ᠂ ᠨᠠᠮ ᠤᠨ ᠶᠠᠫᠣᠨ ᠢ ᠡᠰᠡᠷᠭᠦᠴᠡᠬᠦ ᠦᠨᠳᠦᠰᠦᠲᠡᠨ ᠤ | ᠨᠢᠭᠡᠳᠦᠮᠡᠯ ᠹᠷᠤᠨᠲ ᠤᠨ ᠲᠦᠷᠦ ᠶᠢᠨ ᠪᠤᠳᠤᠯᠭ᠎ᠠ ᠶᠢ ᠣᠬᠠᠭᠤᠯᠤᠨ᠂ ᠡᠯ᠎ᠡ ᠦᠨᠳᠦᠰᠦᠲᠡᠨ ᠤ ᠠᠷᠠᠳ ᠲᠦᠮᠡᠨ ᠢ ᠨᠢᠭᠲᠠ ᠪᠦᠯᠬᠦᠮᠳᠡᠭᠦᠯᠵᠦ᠂ ᠬᠠᠮᠲᠤ ᠪᠠᠷ ᠶᠠᠫᠤᠨ | ᠤ ᠲᠦᠷᠢᠮᠡᠬᠡᠶᠢᠯᠡᠭᠴᠢᠳ ᠢ ᠡᠰᠡᠷᠭᠦᠴᠡᠨ ᠴᠣᠬᠢᠬᠤ ᠶᠢ ᠣᠷᠢᠶᠠᠯᠠᠨ ᠵᠤᠷᠢᠭᠵᠢᠭᠤᠯᠪᠠ᠃ ᠲᠣᠬᠠᠢ ᠶᠢᠨ ᠦᠶ᠎ᠡ ᠳᠤ᠂ ᠳᠣᠮᠳᠠᠳᠣ ᠣᠯᠣᠰ ᠤᠨ ᠡᠪ ᠬᠠᠮᠲᠤ ᠨᠠᠮ ᠤᠨ | ᠲᠠᠬᠢᠯᠳᠣ ᠶᠢᠨ ᠠᠵᠢᠯᠯᠠᠬᠤ ᠬᠤᠷᠢᠶ᠎ᠠ ᠠᠴᠠ ᠨᠢᠭᠡᠨᠲᠡ ᠨᠢᠭᠡᠨ ᠰᠠᠯᠠᠭ᠎ᠠ ᠭᠤᠴᠢ ᠭᠠᠷᠣᠢ ᠬᠦᠮᠦᠨ ᠲᠠᠢ ᠦᠪᠡᠷ ᠢ ᠪᠠᠨ ᠬᠠᠮᠠᠭᠠᠯᠠᠬᠤ ᠴᠡᠷᠢᠭ ᠢ ᠵᠣᠬᠢᠶᠠᠨ ᠪᠠᠶᠢᠭᠤᠯᠪᠠ᠃ | ᠳᠠᠷᠠᠭ᠎ᠠ ᠵᠢᠯ ᠤᠨ ᠬᠢᠨᠢ ᠬᠠᠪᠤᠷ᠂ ᠦᠪᠡᠷ ᠢ ᠪᠠᠨ ᠬᠠᠮᠠᠭᠠᠯᠠᠬᠤ ᠴᠡᠷᠢᠭ ᠢ ᠮᠤᠷᠢᠲᠤ ᠴᠡᠷᠢᠭ ᠤᠨ ᠭᠤᠷᠪᠠᠳᠣᠭᠠᠷ ᠰᠣᠮᠣ ᠪᠣᠯᠭᠠᠨ ᠦᠭᠡᠷᠡᠴᠢᠯᠡᠵᠦ᠂ ᠶᠢᠨ ᠵᠦᠩ | ᠴᠧᠩ ᠰᠣᠮᠣᠨ ᠳᠠᠷᠤᠭ᠎ᠠ ᠪᠤᠯᠵᠤ᠂ ᠸᠠᠩ ᠸᠠᠨ ᠨᠢᠶᠠᠨ ᠣᠯᠣᠰ ᠲᠦᠷᠦ ᠶᠢᠨ ᠵᠢᠭᠠᠨ ᠵᠢᠯᠤᠭᠤᠳᠤᠭᠴᠢ ᠪᠤᠯᠵᠠᠢ᠃ ᠮᠣᠷᠢᠲᠤ ᠴᠡᠷᠢᠭ ᠤᠨ ᠣᠯᠠᠩᠭᠢ ᠪᠠᠶᠢᠯᠳᠤᠭᠴᠢᠳ | ᠨᠢ ᠳᠠᠬᠢᠯᠲᠤ ᠶᠢᠨ ᠬᠦᠮᠦᠨ ᠪᠠᠶᠢᠵᠣ᠂ ᠴᠦᠬᠡᠨ ᠬᠡᠳᠦ ᠨᠢ ᠭᠠᠳᠠᠨᠠᠬᠢ ᠬᠦᠮᠦᠨ ᠪᠠᠶᠢᠪᠠ᠂ ᠡᠭᠦᠨ ᠳᠤ ᠵᠠᠩ ᠬᠠᠢ ᠯᠢᠨ ᠭᠡᠳᠡᠭ ᠲᠠᠰᠤᠭ ᠤᠨ ᠳᠠᠷᠤᠭ᠎ᠠ᠂ ᠣᠣᠯ | ᠳᠠᠭᠠᠨ ᠵᠠᠩ ᠲᠢᠩ ᡁᠢ ᠶᠢᠨ ᠲᠠᠩᠨᠠᠭᠤᠯ ᠪᠠᠶᠢᠵᠣ᠂ ᠬᠤᠪᠢᠰᠬᠠᠯ ᠤᠨ ᠡᠩᠨᠡᠭᠡᠨ ᠳᠤ ᠬᠤᠳᠬᠤᠨ ᠣᠷᠣᠭᠠᠳ ᠳᠠᠯᠳᠠᠭᠤᠷ ᠳᠣᠯᠤᠭ᠎ᠠ ᠨᠠᠢᠮᠠᠨ ᠵᠢᠰᠦ ᠪᠤᠷᠤᠭᠤ ᠡᠳᠡᠭᠡᠳ | ᠲᠠᠢ ᠰᠦᠯᠪᠡᠭᠡᠯᠡᠨ ᠣᠷᠪᠠᠯᠭᠠᠨ ᠭᠠᠷᠭᠠᠵᠣ ᠲᠣᠳᠠᠭᠠᠬᠤ ᠪᠠᠷ ᠬᠤᠤᠪᠢᠯᠳᠣᠵᠣ ᠪᠠᠶᠢᠪᠠ᠃ | 1938 ᠣᠨ ᠤ ᠴᠠᠭᠠᠨ ᠰᠠᠷ᠎ᠠ ᠶᠢᠨ ᠰᠢᠨ᠎ᠡ ᠶᠢᠨ ᠭᠤᠷᠪᠠᠨ ᠳᠤ᠂ ᠲᠠᠬᠢᠯᠳᠣ ᠶᠢᠨ ᠣᠯᠠᠨ ᠲᠦᠮᠡᠨ ᠬᠤᠩ ᠵᠢᠩ ᠺᠧᠩ ᠳᠤ ᠨᠠᠭᠠᠳᠣᠮ ᠬᠢᠵᠦ᠂ ᠣᠶᠢᠷ᠎ᠠ | ᠣᠷᠴᠢᠮ ᠤᠨ ᠣᠯᠠᠨ ᠲᠦᠮᠡᠨ ᠪᠤᠯᠤᠨ ᠭᠤᠷᠪᠠᠳᠣᠭᠠᠷ ᠰᠣᠮᠣᠨ ᠤ ᠪᠠᠶᠢᠯᠳᠣᠭᠴᠢᠳ ᠨᠠᠭᠠᠳᠣᠮ ᠦᠵᠡᠵᠦ ᠪᠠᠶᠢᠯ᠎ᠠ᠃ ᠵᠠᠩ ᠬᠠᠢ ᠯᠢᠨ ᠵᠡᠷᠭᠡ ᠳᠡᠭᠡᠷᠡᠮᠴᠦᠳ ᠲᠣᠰ | ᠲᠣᠬᠢᠶᠠᠯ ᠢ ᠳᠠᠯᠢᠮᠳᠠᠭᠤᠯᠣᠨ᠂ ᠰᠤᠮᠤᠨ ᠤ ᠵᠠᠬᠢᠷᠭ᠎ᠠ ᠶᠢ ᠪᠦᠰᠡᠯᠡᠵᠦ ᠠᠪᠤᠪᠠ᠃ ᠵᠢᠭᠠᠨ ᠵᠢᠯᠤᠭᠤᠳᠤᠭᠴᠢ ᠸᠠᠩ ᠸᠠᠨ ᠨᠢᠶᠠᠨ ᠬᠡᠷᠡᠭ ᠭᠠᠷᠣᠭᠰᠠᠨ ᠢ ᠮᠡᠳᠡᠭᠡᠳ | ᠶᠠᠭᠠᠷᠠᠨ᠂ ᠣᠷᠪᠠᠭᠰᠠᠨ ᠳᠡᠭᠡᠷᠡᠮᠴᠦᠳ ᠢ ᠵᠡᠪᠰᠡᠭ ᠢᠶᠠᠨ ᠲᠤᠰᠢᠶᠠᠬᠤ ᠶᠢ ᠱᠠᠭᠠᠷᠳᠠᠵᠠᠢ᠃ ᠨᠢᠭᠡ ᠣᠷᠪᠠᠭᠴᠢ ᠸᠠᠩ ᠸᠠᠨ ᠨᠢᠶᠠᠨ ᠤ ᠫᠤᠤ ᠶᠢ ᠪᠤᠯᠢᠶᠠᠬᠤ ᠭᠡᠳ ᠸᠠᠩ | ᠸᠠᠨ ᠨᠢᠶᠠᠨ ᠨᠢᠭᠡ ᠯᠡ ᠨᠢᠳᠣᠷᠭᠠᠳᠠᠵᠤ ᠣᠨᠠᠭᠠᠪᠠ᠂ ᠶᠠᠭ ᠡᠨᠡ ᠦᠶ᠎ᠡ ᠳᠤ ᠪᠠᠰᠠ ᠨᠢᠭᠡ ᠣᠷᠪᠠᠭᠴᠢ ᠫᠤᠤ ᠶᠢᠨ ᠳᠤᠬᠤ ᠪᠠᠷ ᠢᠶᠠᠨ ᠸᠠᠩ ᠸᠠᠨ ᠨᠢᠶᠠᠨ ᠢ ᠴᠤᠬᠢᠵᠤ | ᠤᠨᠠᠭᠠᠪᠠ᠃ ᠣᠷᠪᠠᠭᠴᠢ ᠳᠡᠭᠡᠷᠡᠮᠴᠦᠳ ᠮᠦᠩᠭᠦ ᠵᠣᠭᠤᠰ ᠪᠤᠯᠤᠨ ᠵᠠᠷ ᠵᠡᠪᠰᠡᠭ ᠢ ᠳᠡᠭᠡᠷᠡᠮᠳᠡᠵᠦ ᠠᠪᠤᠭᠠᠳ ᠮᠣᠷᠢ ᠤᠨᠤᠵᠤ ᠰᠠᠩᠳᠠ ᠮᠠᠩᠳᠠ ᠳᠣᠳᠠᠭᠠᠪᠠ᠃ | ᠬᠤᠪᠢᠰᠬᠠᠯᠲᠤ ᠳᠠᠶᠢᠴᠢᠨ ᠬᠠᠨᠢ ᠨᠦᠬᠦᠳ ᠨᠢ ᠬᠦᠷᠴᠦ ᠢᠷᠡᠬᠦ ᠳᠤ ᠠᠷᠪᠠᠨ ᠨᠠᠢᠮᠠᠬᠠᠨ ᠨᠠᠰᠣᠲᠠᠢ ᠸᠠᠩ ᠸᠠᠨ ᠨᠢᠶᠠᠨ ᠬᠡᠲᠦᠷᠭᠡᠢ ᠴᠢᠰᠦ ᠭᠠᠷᠣᠭᠰᠠᠨ ᠠᠴᠠ ᠪᠤᠯᠵᠤ | ᠪᠡᠶ᠎ᠡ ᠦᠷᠡᠭᠳᠡᠵᠡᠢ᠃ ᠳᠠᠶᠢᠴᠢᠨ ᠬᠠᠨᠢ ᠨᠦᠬᠦᠳ ᠨᠢ ᠲᠣᠶᠢᠯ ᠤᠨ ᠡᠮᠭᠡᠨᠢᠯᠲᠡᠢ ᠰᠡᠳᠭᠢᠯᠭᠡ ᠪᠠᠷ ᠸᠠᠩ ᠸᠠᠨ ᠨᠢᠶᠠᠨ ᠵᠢᠭᠠᠨ ᠵᠢᠯᠤᠭᠤᠳᠤᠭᠴᠢ ᠶᠢᠨ ᠢᠶᠠᠨ ᠴᠢᠨᠳᠠᠷ ᠢ | ᠳ᠋ᠢᠩᠪᠢᠶᠠᠨ ᠳᠤ ᠬᠦᠷᠭᠡᠵᠦ ᠣᠷᠣᠰᠢᠭᠤᠯᠪᠠ᠃ | | ︵ᠡᠬᠡ ᠪᠢᠴᠢᠭ ᠢ ᠳ᠋ᠦᠩᠱᠧᠩ ᠤᠨ ᠦᠷᠡᠭᠳᠡᠭᠰᠡᠨ ᠪᠠᠭᠠᠲᠣᠷᠴᠣᠳ ᠤᠨ ᠣᠩᠭᠤᠨ ᠤ ᠬᠠᠮᠠᠭᠠᠯᠠᠯᠲᠠ ᠶᠢᠨ ᠭᠠᠵᠠᠷ ᠠᠴᠠ ᠬᠠᠩᠭᠠᠪᠠ︶ |