【ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠬᠦ ᠳᠠᠯ᠎ᠠ ᠪᠠᠷ ᠠᠬᠢᠭᠤᠯᠤᠶ᠎ᠠ】ᠪᠤᠷᠵᠠᠩᠨᠠᠭᠤᠷ ᠪᠠᠯᠭᠠᠰᠤ ᠬᠦᠯᠡᠮᠵᠢ ᠳᠤ ᠢᠳᠡᠰᠢᠨ ᠨᠤᠭᠤᠭ᠎ᠠ ᠳᠠᠷᠢᠵᠤ ᠳᠤᠰᠬᠤᠨ ᠤ ᠠᠷᠠᠳ ᠤᠨ ᠪᠠᠶᠠᠵᠢᠯ ᠤᠨ ᠵᠠᠮ ᠢ ᠦᠷᠬᠡᠳᠬᠡᠵᠤ ᠪᠠᠶᠢᠨ᠎ᠠ
ᠨᠡᠶᠢᠲᠡᠯᠡᠭᠰᠡᠨ ᠴᠠᠭ᠄
2023/8/31
      ᠰᠤᠷᠪᠤᠯᠵᠢᠯᠠᠭᠴᠢ ᠪᠤᠷᠵᠠᠩᠨᠠᠭᠤᠷ ᠪᠠᠯᠭᠠᠰᠤᠨ ᠤ ᠬᠦᠯᠡᠮᠵᠢ ᠶᠢᠨ ᠲᠦᠷᠦᠯ ᠵᠦᠢᠯ ᠤᠨ ᠳᠤᠬᠠᠢ ᠶᠢᠨ ᠳᠠᠯᠠᠪᠠᠢ ᠳᠤ ᠬᠦᠷᠬᠦ ᠳᠤ ᠬᠦᠯᠡᠮᠵᠢ ᠳᠤ ᠠᠮᠳᠠᠳᠤ ᠬᠡᠮᠬᠡ᠂ ᠪᠤᠷᠴᠠᠭ᠂ ᠥᠷᠭᠡᠰᠦᠲᠦ ᠬᠡᠮᠬᠡ᠂ ᠲᠥᠪᠡᠳ ᠬᠠᠰᠢ ᠵᠡᠷᠭᠡ ᠢᠳᠡᠰᠢᠨ ᠨᠣᠭᠤᠭ᠎ᠠ ᠮᠦᠷᠦᠶᠢᠴᠡᠨ ᠤᠷᠭᠤᠵᠤ ᠪᠠᠶᠢᠯ᠎ᠠ᠃ ᠡᠨᠡᠬᠦ ᠬᠦᠰᠡᠯ ᠡᠷᠡᠮᠡᠯᠵᠡᠯ ᠪᠢᠯᠬᠠᠭᠰᠠᠨ ᠬᠦᠯᠡᠮᠵᠢ ᠶᠢᠨ ᠠᠵᠤ ᠦᠢᠯᠡᠰ ᠨᠢ ᠲᠣᠰᠬᠤᠨ ᠤ ᠠᠷᠠᠳ ᠤᠨ ᠪᠠᠶᠠᠵᠢᠨ ᠴᠢᠨᠡᠭᠡᠯᠢᠭᠵᠢᠵᠦ ᠣᠷᠣᠯᠭ᠎ᠠ ᠪᠠᠨ ᠨᠡᠮᠡᠭᠳᠡᠭᠦᠯᠬᠦ ᠪᠠ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠦᠴᠦᠲᠡᠢ ᠲᠤᠯᠭᠠᠭᠤᠷᠢᠯᠠᠯ ᠬᠠᠩᠭᠠᠪᠠ᠃      ᠬᠦᠯᠡᠮᠵᠢ ᠡᠯᠪᠡᠭ ᠬᠤᠷᠢᠶᠠᠯᠲᠠ ᠤᠯᠤᠭᠰᠠᠨ ᠤ ᠳᠠᠷᠠᠭ᠎ᠠ᠂ ᠡᠨᠡ ᠵᠢᠯ ᠪᠠᠯᠭᠠᠰᠤᠨ ᠠᠴᠠ ᠲᠠᠷᠢᠬᠤ ᠲᠠᠯᠠᠪᠠᠢ ᠪᠠᠨ ᠦᠷᠭᠦᠯᠵᠢᠯᠡᠨ ᠥᠷᠭᠡᠳᠬᠡᠬᠦ ᠪᠠᠷ ᠲᠣᠭᠲᠠᠪᠠ᠃ ᠴᠠᠶᠢᠳᠠᠮ ᠲᠣᠰᠬᠤᠨ ᠳᠤ ᠰᠤᠷᠪᠤᠯᠵᠢᠯᠠᠭᠴᠢ ᠲᠦᠷᠦᠭᠦᠬᠡᠨ ᠰᠢᠨ᠎ᠡ ᠪᠠᠷ ᠪᠠᠶᠢᠭᠤᠯᠤᠭᠰᠠᠨ 5 ᠰᠠᠭᠤᠷᠢ ᠥᠨᠳᠥᠷ ᠪᠠᠷᠢᠮᠵᠢᠶᠠᠲᠤ ᠡᠨᠧᠷᠭᠢ ᠠᠷᠪᠢᠯᠠᠬᠤ ᠨᠡᠷᠡᠨ ᠬᠡᠷᠡᠯ ᠤᠨ ᠬᠦᠯᠡᠮᠵᠢ ᠨᠢᠭᠡᠨᠲᠡ ᠪᠠᠷᠢᠯᠭ᠎ᠠ  ᠳᠠᠭᠤᠰᠤᠭᠰᠠᠨ ᠢ ᠤᠯᠵᠤ ᠬᠠᠷᠠᠯ᠎ᠠ᠂ ᠲᠣᠰᠬᠤᠨ ᠤ ᠠᠷᠠᠳ ᠶᠠᠭ ᠬᠦᠯᠡᠮᠵᠢ ᠶᠢᠨ ᠳᠤᠳᠤᠷ᠎ᠠ ᠭᠠᠵᠠᠷ ᠬᠠᠭᠠᠯᠪᠤᠷᠢᠯᠠᠵᠤ ᠪᠠᠶᠢᠯ᠎ᠠ᠂ ᠵᠠᠷᠢᠮ ᠬᠦᠯᠡᠮᠵᠢ ᠳᠤ ᠨᠢᠬᠡᠨᠳᠡ ᠠᠮᠲᠠᠲᠤ ᠬᠡᠮᠬᠡ ᠶᠢᠨ ᠴᠢᠬᠢ ᠳᠠᠷᠢᠵᠤ᠂ ᠤᠷᠭᠤᠴᠠ ᠰᠠᠶᠢᠲᠠᠶ ᠪᠠᠶᠢᠪᠠ᠃      ᠰᠤᠷᠪᠤᠯᠵᠢᠯᠠᠭᠴᠢ ᠶᠢᠨ ᠣᠶᠢᠯᠠᠭᠠᠭᠰᠠᠨ ᠢᠶᠠᠷ᠂ ᠰᠢᠨ᠎ᠡ ᠪᠠᠷ ᠪᠠᠶᠢᠭᠤᠯᠤᠭᠰᠠᠨ 5 ᠰᠠᠭᠤᠷᠢ ᠥᠨᠳᠥᠷ ᠪᠠᠷᠢᠮᠵᠢᠶᠠᠲᠤ ᠡᠨᠧᠷᠭᠢ ᠠᠷᠪᠢᠯᠠᠬᠤ ᠨᠡᠷᠡᠨ ᠬᠡᠷᠡᠯ ᠤᠨ ᠬᠦᠯᠡᠮᠵᠢ ᠨᠢ ︽ᠰᠢᠷᠣᠶ ᠶᠢᠨ ᠬᠡᠷᠡᠮ + ᠪᠣᠯᠣᠳ ᠵᠢᠶᠠᠰᠠᠨ ᠪᠦᠳᠦᠴᠡᠳᠤ︾ ᠬᠦᠯᠡᠮᠵᠢ ᠪᠠᠷᠢᠬᠤ ᠬᠠᠮᠤᠭ ᠤᠨ ᠰᠢᠨ᠎ᠡ ᠮᠡᠷᠭᠡᠵᠢᠯ ᠢ ᠬᠡᠷᠡᠭᠯᠡᠵᠦ᠂ ᠭᠠᠷ ᠡᠷᠬᠢᠬᠦᠯᠬᠡᠨ ᠤ ᠪᠦᠷᠬᠦᠪᠴᠢ ᠢᠷᠠᠬᠤ ᠮᠠᠰᠢᠨ ᠤᠭᠰᠠᠷᠠᠵᠤ ᠰᠠᠯᠬᠢ ᠨᠡᠪᠳᠡᠷᠡᠭᠦᠯᠭᠦ ᠪᠤᠯᠤᠭᠰᠠᠨ ᠠᠴᠠ ᠴᠠᠭ ᠪᠠ ᠬᠦᠮᠦᠨ ᠤ ᠬᠦᠴᠦᠨ ᠳᠤ ᠠᠷᠪᠢᠳᠠᠢ ᠮᠦᠷᠳᠡᠬᠡᠨ ᠰᠦᠯᠢᠶᠣᠣ ᠪᠦᠷᠬᠦᠪᠴᠢ ᠶᠢ ᠬᠤᠬᠢᠷᠠᠭᠤᠯᠬᠤ ᠥᠬᠡᠶ ᠪᠠᠶᠢᠵᠤ᠂ ᠬᠦᠯᠡᠮᠵᠢ ᠶᠢᠨ ᠰᠠᠯᠬᠢ ᠨᠡᠪᠲᠡᠷᠡᠭᠦᠯᠬᠦ ᠬᠠᠭᠠᠰ ᠠᠦ᠋ᠲ᠋ᠣᠴᠢᠯᠠᠯᠲᠠ ᠶᠢ ᠪᠡᠶᠡᠯᠡᠭᠦᠯᠪᠡ︔ ᠬᠦᠯᠡᠮᠵᠢ ᠳᠤ ᠬᠡᠷᠡᠭᠯᠡᠵᠤ ᠪᠠᠶᠢᠭ᠎ᠠ ᠳᠤᠯᠠᠭᠠᠨ ᠢ ᠬᠠᠳᠠᠭᠠᠯᠠᠬᠤ ᠬᠦᠨᠵᠢᠯᠡ ᠨᠢ ᠪᠦᠬᠦᠳᠡᠬᠡᠷ ᠢᠶᠠᠨ ︽  ᠤᠨᠴᠠᠭᠠᠢ ᠬᠥᠪᠥᠩ︾ ᠪᠠᠶᠢᠵᠤ᠂ ᠵᠤᠨ ᠤ ᠤᠯᠠᠷᠢᠯ ᠳᠤ ᠪᠣᠷᠣᠭᠠᠨ ᠤᠰᠤ ᠬᠤᠷᠠᠬᠤ ᠦᠭᠡᠢ᠂ ᠡᠪᠦᠯ ᠤᠨ ᠤᠯᠠᠷᠢᠯ ᠳᠤ ᠳᠤᠯᠠᠭᠠᠨ ᠢ ᠬᠠᠳᠠᠭᠠᠯᠠᠬᠤ ᠴᠢᠳᠠᠮᠵᠢ ᠪᠠᠷ ᠨᠠᠩ ᠰᠠᠶᠢᠨ ᠪᠠᠶᠢᠵᠤ᠂ ᠢᠳᠡᠰᠢᠨ ᠨᠤᠭᠤᠭᠠᠨ ᠤ ᠤᠷᠭᠤᠯᠲᠠ ᠳᠤ ᠬᠡᠷᠡᠭᠰᠡᠬᠦ ᠳᠤᠯᠠᠭᠠᠨ ᠤ ᠬᠡᠮᠵᠢᠶ᠎ᠡ ᠶᠢ ᠨᠠᠩ ᠰᠠᠶᠢᠨ ᠬᠠᠩᠭᠠᠵᠤ ᠳᠡᠶᠢᠯᠬᠦ ᠪᠣᠯᠪᠠ᠃      ︽ᠰᠢᠨ᠎ᠡ ᠪᠠᠷ ᠨᠡᠮᠡᠭᠳᠡᠭᠰᠡᠨ 5 ᠬᠦᠯᠡᠮᠵᠢ ᠳᠤ ᠭᠤᠣᠯᠳᠠᠭᠤ ᠠᠮᠲᠠᠲᠤ ᠬᠡᠮᠬᠡ᠂ ᠲᠥᠪᠡᠳ ᠬᠠᠰᠢ᠂ ᠥᠷᠭᠡᠰᠦᠲᠦ ᠬᠡᠮᠬᠡ ᠵᠡᠷᠭᠡ ᠶᠢ ᠳᠠᠷᠢᠵᠤ᠂ ᠵᠢᠱᠢᠯᠲᠡ ᠪᠠᠷ 10 ᠰᠠᠷ᠎ᠠ ᠳᠤ ᠵᠠᠬ᠎ᠠ ᠳᠡᠯᠭᠡᠭᠦᠷ ᠲᠤ ᠭᠠᠷᠴᠤ᠂ ᠵᠢᠯ ᠤᠨ ᠣᠷᠣᠯᠭ᠎ᠠ ᠨᠢ ᠪᠠᠷᠤᠭ 70 ᠲᠦᠮᠡᠨ ᠲᠥᠭᠦᠷᠢᠭ ᠲᠤ ᠬᠦᠷᠬᠦ ᠪᠣᠯᠤᠨ᠎ᠠ᠃ ᠰᠢᠨ᠎ᠡ ᠪᠠᠷ ᠪᠠᠶᠢᠭᠤᠯᠤᠭᠰᠠᠨ ᠬᠦᠯᠡᠮᠵᠢ ᠨᠢ ᠵᠢᠮᠢᠰ ᠨᠤᠭᠤᠭᠠᠨ ᠤ ᠬᠠᠩᠭᠠᠯᠭ᠎ᠠ ᠶᠢᠨ ᠬᠡᠮᠵᠢᠶ᠎ᠡ ᠶᠢ ᠵᠣᠬᠢᠰᠲᠠᠢ ᠨᠡᠮᠡᠭᠳᠡᠭᠦᠯᠵᠦ᠂ ᠲᠦᠷᠪᠡᠨ ᠤᠯᠠᠷᠢᠯ ᠤᠨ ᠵᠢᠮᠢᠰ ᠨᠣᠭᠤᠭ᠎ᠠ ᠲᠠᠷᠢᠬᠤ᠂ ᠭᠠᠷᠤᠯᠲᠠ ᠶᠢ ᠡᠮᠬᠢ ᠵᠢᠷᠤᠮ ᠲᠠᠢ ᠵᠤᠯᠭᠠᠭᠤᠯᠵᠤ᠂ ᠵᠠᠬ᠎ᠠ ᠳᠡᠯᠭᠡᠭᠦᠷ ᠤᠨ ᠬᠠᠩᠭᠠᠯᠭ᠎ᠠ ᠶᠢ  ᠪᠠᠳᠤᠯᠠᠵᠤ ᠴᠢᠳᠠᠬᠤ ᠪᠤᠯᠤᠨ᠎ᠠ᠃︾            — ᠴᠠᠶᠢᠳᠠᠮ ᠲᠣᠰᠬᠤᠨ ᠤ ᠨᠠᠮ ᠤᠨ ᠡᠭᠦᠷ ᠤᠨ ᠱᠦᠵᠢ᠂ ᠲᠣᠰᠬᠤᠨ ᠤ ᠠᠷᠠᠳ ᠤᠨ ᠵᠥᠪᠯᠡᠯ ᠤᠨ ᠡᠷᠬᠢᠯᠡᠭᠴᠢ   ᠶᠠᠩ ᠡᠯ ᠹᠸᠢ      ᠬᠦᠯᠡᠮᠵᠢ ᠶᠢᠨ ᠠᠰᠢᠭᠯᠠᠯᠲᠠ ᠳᠤ ᠤᠷᠤᠭᠰᠠᠨ ᠨᠢ ᠬᠤᠲᠠ ᠶᠢᠨ ᠠᠷᠠᠳ ᠤᠨ ᠢᠳᠡᠰᠢᠨ ᠨᠤᠭᠤᠭ᠎ᠠ ᠶᠢ ᠪᠠᠲᠤᠯᠠᠭᠰᠠᠨ ᠢᠶᠠᠷ ᠪᠠᠷᠠᠬᠤ ᠥᠬᠡᠶ᠂ ᠪᠠᠰᠠ ᠴᠢᠬᠢ ᠪᠤᠶᠢᠵᠢᠭᠤᠯᠬᠤ᠂ ᠵᠢᠮᠢᠰ ᠲᠡᠭᠦᠬᠦ ᠵᠡᠷᠭᠡ ᠠᠵᠢᠯᠴᠢᠨ ᠬᠡᠷᠡᠭᠯᠡᠬᠦ ᠬᠡᠷᠡᠭᠴᠡᠭᠡ ᠶᠢ ᠪᠣᠶ ᠪᠤᠯᠭᠠᠵᠤ᠂ ᠡᠷᠬᠢᠨ ᠲᠣᠭᠤᠷᠢᠨ ᠤ ᠲᠣᠰᠬᠤᠨ ᠤ ᠠᠷᠠᠳ ᠤᠨ ᠣᠶᠢᠷ᠎ᠠ ᠬᠠᠪᠢ ᠳᠠᠭᠠᠨ ᠠᠵᠢᠯ ᠤᠯᠬᠤ ᠶᠢ ᠳᠠᠶᠢᠴᠢᠯᠠᠨ᠂ ᠲᠣᠰᠬᠤᠨ ᠤ ᠠᠷᠠᠳ ᠤᠨ ᠣᠷᠣᠯᠭ᠎ᠠ ᠶᠢ ᠨᠡᠮᠡᠭᠳᠡᠭᠦᠯᠪᠡ᠃      ︽ᠪᠢᠳᠡ ᠥᠩᠭᠡᠷᠡᠭᠰᠡᠨ ᠳᠤ ᠵᠦᠪᠬᠡᠨ ᠲᠠᠷᠢᠶ᠎ᠠ ᠲᠠᠷᠢᠵᠤ᠂ ᠨᠢᠭᠡ ᠵᠢᠯ ᠳᠡᠭᠡᠨ ᠳᠡᠮᠡᠢ ᠣᠷᠣᠯᠭ᠎ᠠ ᠦᠭᠡᠢ ᠪᠠᠶᠢᠪᠠ᠃  ᠤᠳᠤ ᠦᠪᠡᠷ ᠤᠨ ᠭᠡᠷ ᠤᠨ ᠢᠶᠠᠨ 30 ᠭᠠᠷᠤᠶ ᠮᠦ ᠭᠠᠵᠠᠷ ᠢ ᠪᠦᠬᠦᠨ ᠢ ᠡᠷᠭᠢᠯᠲᠡ ᠳᠤ ᠣᠷᠣᠭᠤᠯᠵᠤ᠂  ᠵᠢᠯ ᠪᠦᠷᠢ ᠭᠠᠵᠠᠷ ᠰᠢᠷᠣᠶ ᠶᠢᠨ ᠡᠷᠭᠢᠯᠲᠡ  ᠶᠢᠨ ᠮᠦᠩᠬᠦ ᠤᠯᠵᠤ᠂  ᠪᠢ ᠬᠥᠭᠰᠢᠨ ᠲᠠᠢ ᠪᠠᠨ ᠬᠦᠯᠡᠮᠵᠢ ᠳᠤ ᠬᠥᠯᠥᠰᠥᠨ ᠠᠵᠢᠯ ᠬᠢᠵᠦ᠂  ᠰᠠᠷ᠎ᠠ ᠪᠦᠷᠢ 5000 ᠭᠠᠷᠤᠶ ᠲᠥᠭᠦᠷᠢᠭ ᠤᠨ ᠴᠠᠯᠢᠩ ᠲᠠᠢ᠂  ᠭᠡᠷ ᠤᠨ ᠢᠶᠠᠨ ᠡᠭᠦᠳᠡᠨ ᠳᠤ ᠵᠣᠭᠤᠰ ᠣᠯᠵᠤ ᠪᠠᠶᠢᠨ᠎ᠠ᠃︾            — ᠪᠤᠷᠵᠠᠩᠨᠠᠭᠤᠷ ᠪᠠᠯᠭᠠᠰᠤᠨ ᠤ ᠴᠠᠶᠢᠳᠠᠮ ᠲᠣᠰᠬᠤᠨ ᠤ ᠳᠣᠯᠣᠳᠤᠭᠠᠷ  ᠬᠤᠷᠰᠢᠶᠠᠵᠢᠯ ᠤᠨ ᠳᠤᠰᠬᠤᠨ ᠤ ᠠᠷᠠᠳ    ᠶᠠᠩ ᠶᠦᠩ ᠲᠢᠩ      ᠠᠵᠢᠯᠲᠠᠨ ᠤ ᠲᠠᠨᠢᠯᠴᠠᠭᠤᠯᠤᠭᠰᠠᠨ ᠢᠶᠠᠷ᠂ ᠣᠳᠣᠬᠠᠨ ᠳᠤ᠂ ᠪᠤᠷᠵᠠᠩᠨᠠᠭᠤᠷ ᠪᠠᠯᠭᠠᠰᠤᠨ ᠤ 56 ᠰᠠᠭᠤᠷᠢ ᠬᠥᠯᠡᠮᠵᠢ ᠨᠢ ᠭᠠᠷᠤᠯᠲᠠ ᠶᠢᠨ ᠣᠷᠣᠨ ᠳᠤ ᠪᠠᠨ ᠰᠢᠭᠤᠳ ᠪᠣᠷᠣᠯᠠᠭᠤᠯᠬᠤ ᠠᠴᠠ ᠭᠠᠳᠠᠨ᠎ᠠ᠂ ᠳ᠋ᠦᠩᠱᠧᠩ ᠲᠣᠭᠤᠷᠢᠭ ᠲᠤ ᠪᠤᠷᠵᠠᠩᠨᠠᠭᠤᠷ ᠤᠨ ᠵᠢᠮᠢᠰ ᠢᠳᠡᠰᠢᠨ ᠨᠤᠭᠤᠭᠠᠨ ᠤ ᠰᠢᠭᠤᠨ ᠡᠵᠡᠩᠨᠡᠯᠲᠡ ᠶᠢᠨ ᠳᠡᠯᠭᠡᠭᠦᠷ ᠢ 3 ᠭᠠᠷᠭᠠᠵᠤ᠂ ᠡᠳᠦᠷ ᠪᠦᠷᠢ ᠲᠡᠭᠦᠬᠦ᠂ ᠪᠤᠭᠤᠳᠠᠯᠯᠠᠬᠤ᠂ ᠵᠦᠬᠡᠬᠡᠪᠤᠷᠢᠯᠡᠬᠦ ᠪᠠᠷ ᠳᠠᠮᠵᠢᠨ 1 ᠴᠠᠭ ᠤᠨ ᠬᠤᠭᠤᠴᠠᠭᠠᠨ ᠳᠤ ᠰᠢᠨ᠎ᠡ ᠰᠣᠷᠭᠤᠭ ᠵᠢᠮᠢᠰ ᠢᠳᠡᠰᠢᠨ ᠨᠤᠭᠤᠭ᠎ᠠ ᠨᠢ ︽ᠢᠳᠡᠰᠢᠨ ᠨᠣᠭᠤᠭᠠᠨ ᠤ ᠬᠦᠷᠢᠶᠡᠯᠡᠩ︾ ᠠᠴᠠ ᠰᠢᠭᠤᠳ ᠬᠤᠲᠠ ᠶᠢᠨ ᠠᠷᠠᠳ ᠤᠨ ︽ᠢᠳᠡᠰᠢᠨ ᠨᠤᠭᠤᠭᠠᠨ ᠤ ᠰᠠᠭᠰᠤᠨ︾ ᠳᠤ ᠬᠦᠷᠴᠦ ᠪᠠᠶᠢᠨ᠎ᠠ᠃      ᠤᠢᠢᠷ᠎ᠠ ᠶᠢᠨ ᠵᠢᠯ ᠠᠴᠠ᠂ ᠳ᠋ᠦᠩᠱᠧᠩ ᠲᠣᠭᠤᠷᠢᠭ ᠤᠨ ᠬᠢᠨ ᠭᠠᠵᠠᠷ ᠣᠷᠣᠨ ᠤ ᠳᠦᠷᠰᠦ ᠪᠠᠶᠢᠳᠠᠯ᠂ ᠡᠬᠢ ᠪᠠᠶᠠᠯᠢᠭ ᠤᠨ ᠳᠠᠪᠠᠭᠤᠯᠢᠭ ᠲᠠᠭᠠᠨ ᠰᠠᠭᠤᠷᠢᠯᠠᠵᠤ᠂ ᠰᠡᠯᠡᠭᠦᠴᠡᠯ ᠤᠨ ᠲᠠᠷᠢᠶᠠᠯᠠᠩ᠂ ᠤᠨᠴᠠᠯᠢᠬᠳᠤ ᠠᠵᠤ ᠦᠢᠯᠡᠰ᠂ ᠬᠥᠳᠡᠭᠡ ᠲᠣᠰᠬᠤᠨ ᠤ ᠵᠤᠭᠠᠴᠠᠯ ᠵᠡᠷᠭᠡ ᠰᠢᠨ᠎ᠡ ᠡᠵᠡᠩᠨᠡᠯᠲᠡ ᠶᠢᠨ ᠬᠡᠯᠪᠡᠷᠢ ᠶᠢ ᠨᠡᠭᠡᠭᠡᠨ ᠬᠦᠭᠵᠢᠬᠦᠯᠬᠦ  ᠪᠠᠨ ᠲᠦᠷᠬᠡᠳᠬᠡᠵᠤ᠂ ᠲᠦᠬᠦᠭᠡᠷᠦᠮᠵᠢᠲᠦ ᠲᠠᠷᠢᠶᠠᠯᠠᠩ ᠢ ᠦᠷᠭᠦᠯᠵᠢᠯᠡᠨ ᠪᠤᠵᠠᠭᠠᠶᠢᠷᠠᠭᠤᠯᠬᠤ ᠪᠠᠷ ᠳᠠᠮᠵᠢᠭᠤᠯᠤᠨ᠂ ᠲᠦᠷᠦᠯ ᠵᠦᠢᠯ ᠢ ᠰᠢᠯᠢᠳᠡᠭᠵᠢᠭᠦᠯᠬᠦ᠂ ᠶᠠᠰᠤ ᠴᠢᠨᠠᠷ ᠢ ᠳᠡᠭᠡᠭᠰᠢᠯᠡᠭᠦᠯᠬᠦ᠂ ᠲᠦᠷᠦᠯ ᠲᠡᠮᠳᠡᠭ ᠢ ᠡᠭᠦᠳᠬᠦ ᠶᠢ ᠲᠤᠪᠤᠶᠢᠯᠭᠠᠵᠦ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠪᠠ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠲᠦᠮᠵᠢᠲᠡᠢ ᠵᠣᠯᠭᠠᠭᠤᠯᠬᠤ ᠶᠢ ᠪᠡᠶᠡᠯᠡᠬᠦᠯᠦᠨ᠂ ᠲᠠᠷᠢᠶᠠᠯᠠᠩ ᠤᠨ ᠴᠢᠨᠠᠷ ᠰᠠᠶᠢᠲᠠᠢ ᠥᠨᠳᠥᠷ ᠦᠷ᠎ᠡ ᠠᠰᠢᠭᠳᠠᠢ᠂ ᠬᠥᠳᠡᠭᠡ ᠲᠣᠰᠬᠤᠨ ᠤ ᠣᠷᠣᠰᠢᠨ ᠰᠠᠭᠤᠬᠤ ᠳᠤ ᠲᠣᠬᠢᠷᠠᠮᠵᠢᠲᠠᠢ᠂ ᠲᠠᠷᠢᠶᠠᠴᠢᠳ ᠤᠨ ᠪᠠᠶᠠᠵᠢᠵᠤ ᠴᠢᠨᠡᠬᠡᠯᠢᠭᠵᠢᠬᠦ ᠶᠢ ᠠᠬᠢᠭᠤᠯᠪᠠ᠃ ᠡᠭᠦᠨ ᠳᠤ᠂ ᠳ᠋ᠦᠩᠱᠧᠩ ᠲᠣᠭᠤᠷᠢᠭ ᠤᠨ ᠪᠤᠷᠵᠠᠩ ᠨᠠᠭᠤᠷ ᠪᠠᠯᠭᠠᠰᠤᠨ ᠤ ᠲᠣᠰᠬᠤᠨ ᠤ ᠬᠠᠮᠲᠤ ᠨᠡᠶᠢᠲᠡ ᠶᠢᠨ ᠣᠳᠣ ᠶᠢᠨ ᠪᠠᠶᠢᠭ᠎ᠠ ᠥᠨᠳᠥᠷ ᠪᠠᠷᠢᠮᠵᠢᠶᠠᠲᠤ ᠡᠨᠧᠷᠭᠢ ᠠᠷᠪᠢᠯᠠᠬᠤ ᠨᠡᠷᠡᠨ ᠭᠡᠷᠡᠯ ᠤᠨ ᠬᠦᠯᠡᠮᠵᠢ 56 ᠰᠠᠭᠤᠷᠢ ᠪᠠᠶᠢᠵᠤ᠂ ᠴᠢᠬᠢ ᠪᠤᠶᠢᠵᠢᠭᠤᠯᠤᠨ ᠬᠠᠳᠠᠭᠠᠯᠠᠬᠤ᠂ ᠡᠳ᠋ᠰᠢᠭᠦᠯᠦᠨ ᠪᠣᠭᠤᠳᠠᠯᠯᠠᠬᠤ᠂ ᠬᠥᠮᠥᠷᠭᠡᠯᠡᠨ ᠬᠠᠳᠠᠭᠠᠯᠠᠬᠤ᠂ ᠡᠳ᠋ ᠪᠠᠷᠠᠭᠠᠨ ᠤ ᠭᠦᠢᠯᠭᠡᠭᠡ ᠵᠡᠷᠭᠡ ᠲᠥᠬᠦᠭᠡᠷᠦᠮᠵᠢ ᠶᠢ ᠢᠵᠢ ᠪᠦᠷᠢᠳᠦᠭᠦᠯᠦᠨ ᠪᠠᠶᠢᠭᠤᠯᠵᠤ᠂ ᠵᠢᠯ ᠤᠨ ᠪᠣᠬᠢᠷᠲᠤᠯ ᠥᠬᠡᠶ ᠢᠳᠡᠰᠢᠨ ᠨᠣᠭᠤᠭ᠎ᠠ᠂ ᠭᠤᠸᠠ ᠵᠢᠮᠢᠰ ᠤᠨ ᠭᠠᠷᠤᠯᠳᠠ ᠨᠢ 30 ᠲᠦᠮᠡᠨ ᠵᠢᠩ ᠠᠴᠠ ᠳᠡᠭᠡᠭᠰᠢ ᠳᠤ ᠬᠦᠷᠴᠤ᠂ ᠵᠢᠯ ᠤᠨ ᠦᠢᠯᠡᠳᠬᠦᠨ ᠤ ᠥᠷᠲᠡᠭ ᠨᠢ ᠪᠠᠷᠤᠭ 780 ᠲᠦᠮᠡᠨ ᠲᠥᠭᠦᠷᠢᠭ ᠪᠠᠶᠢᠵᠤ᠂ ᠲᠣᠰᠬᠤᠨ ᠤ ᠬᠠᠮᠲᠤ ᠶᠢᠨ ᠠᠵᠤ ᠠᠬᠤᠶ ᠶᠢᠨ ᠣᠷᠣᠯᠭ᠎ᠠ ᠶᠢ 30 ᠲᠦᠮᠡᠨ ᠲᠥᠭᠦᠷᠢᠭ ᠨᠡᠮᠡᠭᠳᠡᠬᠦᠯᠵᠤ ᠪᠠᠶᠢᠨ᠎ᠠ᠃ ᠲᠣᠰᠬᠤᠨ ᠤ ᠠᠷᠠᠳ ᠢ ᠳᠠᠶᠢᠴᠢᠯᠠᠨ ᠳᠤᠬᠠᠢ ᠶᠢᠨ ᠭᠠᠵᠠᠷ ᠲᠤᠨᠢ᠂ ᠠᠵᠢᠯ ᠤᠯᠭᠤᠭᠰᠠᠨ ᠬᠦᠮᠦᠨ ᠤ ᠳᠤᠭ᠎ᠠ 30 ᠬᠥᠮᠦᠨ ᠠᠴᠠ ᠳᠡᠭᠡᠭᠰᠢ ᠪᠠᠶᠢᠵᠤ᠂ ᠬᠥᠮᠦᠨ ᠳᠤᠮᠳᠠᠴᠢ ᠶᠢᠨ ᠵᠢᠯ ᠤᠨ ᠣᠷᠣᠯᠭ᠎ᠠ ᠶᠢ 1.5 ᠲᠦᠮᠡᠨ ᠲᠥᠭᠦᠷᠢᠭ ᠨᠡᠮᠡᠭᠳᠡᠬᠦᠯᠪᠡ᠃
ᠢᠷᠡᠯᠲᠡ᠄ ᠳᠤᠰ ᠰᠦᠯᠵᠢᠶ᠎ᠡ