ᠵᠢᠯ ᠪᠤᠯᠭᠠᠨ ᠤ 7᠂ 8 ᠰᠠᠷ᠎ᠠ ᠶᠢᠨ ᠦᠶ᠎ᠡ ᠪᠠᠷ ᠠᠭᠠᠳᠠᠷ ᠪᠤᠷᠤᠭᠠᠨ᠂ ᠦᠶᠡᠷ ᠤᠰᠤᠳᠤᠯ ᠤᠨ ᠭᠠᠮᠰᠢᠭ | ᠤᠯᠠᠨ ᠡᠬᠦᠰᠴᠤ᠂ ᠬᠦᠮᠦᠰ ᠤᠨ ᠬᠡᠪ ᠤᠨ ᠠᠵᠤ ᠠᠮᠢᠳᠤᠷᠠᠯ ᠢ ᠨᠦᠯᠦᠬᠡᠯᠡᠳᠡᠭ᠃ ᠡᠬᠦᠨ ᠳᠤ ᠮᠠᠰᠢᠨ ᠳᠡᠷᠬᠡ | ᠤᠰᠤᠨ ᠳᠤ ᠵᠢᠪᠬᠦ᠂ ᠴᠢᠨᠠᠭᠰᠢᠯᠠᠨ ᠠᠮᠢ ᠨᠠᠰᠤᠨ ᠤ ᠠᠶᠤᠯ ᠠᠳᠠᠯ ᠴᠤ ᠬᠠᠶᠠ ᠡᠬᠦᠰᠳᠡᠭ᠃ ᠮᠠᠰᠢᠨ ᠳᠡᠷᠬᠡ | ᠤᠰᠤᠨ ᠳᠤ ᠵᠢᠪᠦᠭᠰᠡᠨ ᠤ ᠳᠠᠷᠠᠭ᠎ᠠ ᠬᠡᠷᠬᠢᠨ ᠠᠶᠤᠯ ᠠᠴᠠ ᠵᠠᠶᠢᠯᠠᠪᠠᠯ ᠵᠤᠬᠢᠬᠤ ᠪᠤᠢ︖ | ᠤᠰᠤᠨ ᠲᠦᠪᠰᠢᠨ ᠮᠠᠰᠢᠨ ᠳᠡᠷᠬᠡᠨ ᠤ ᠬᠦᠷᠳᠤ ᠶᠢᠨ ᠬᠠᠭᠠᠰ ᠠᠴᠠ ᠳᠡᠬᠡᠭᠰᠢ ᠳᠠᠪᠠᠭᠰᠠᠨ ᠪᠤᠶᠤ ᠤᠰᠤᠨ | ᠲᠦᠪᠰᠢᠨ ᠦᠷᠬᠦᠯᠵᠢᠯᠡᠨ ᠳᠡᠬᠡᠭᠰᠢᠯᠡᠬᠦ ᠬᠠᠨᠳᠤᠰᠢ ᠲᠠᠢ ᠪᠠᠶᠢᠪᠠᠯ ᠳᠠᠷᠤᠶᠢᠬᠠᠨ ᠳᠡᠷᠬᠡᠨ ᠠᠴᠠ ᠪᠠᠨ ᠪᠠᠭᠤᠵᠤ ᠠᠶᠤᠯ | ᠠᠴᠠ ᠵᠠᠶᠢᠯᠠᠨ᠎ᠠ᠃ | ᠤᠰᠤᠨ ᠲᠦᠪᠰᠢᠨ ᠨᠢᠬᠡᠨᠳᠡ ᠮᠠᠰᠢᠨ ᠳᠡᠷᠬᠡᠨ ᠤ ᠡᠬᠦᠳᠡ ᠶᠢ ᠳᠠᠪᠠᠭᠰᠠᠨ ᠪᠠᠶᠢᠪᠠᠯ ᠮᠠᠰᠢᠨ ᠳᠡᠷᠬᠡᠨ ᠤ | ᠴᠠᠬᠢᠯᠭᠠᠨ ᠳᠠᠰᠤᠷᠠᠬᠤ ᠠᠴᠠ ᠡᠮᠤᠨ᠎ᠡ ᠠᠶᠤᠯ ᠦᠬᠡᠢ ᠶᠢᠨ ᠪᠦᠰᠡ ᠪᠠᠨ ᠠᠯᠳᠠᠷᠠᠭᠠᠨ᠂ ᠳᠡᠷᠬᠡᠨ ᠤ ᠪᠠᠨ ᠴᠤᠩᠬᠤ | ᠪᠠᠷ ᠠᠶᠤᠯ ᠠᠴᠠ ᠵᠠᠶᠢᠯᠠᠵᠤ ᠪᠤᠯᠤᠨ᠎ᠠ᠃ | ᠤᠰᠤᠨ ᠲᠦᠪᠰᠢᠨ ᠨᠢᠬᠡᠨᠳᠡ ᠮᠠᠰᠢᠨ ᠳᠡᠷᠬᠡᠨ ᠤ ᠡᠬᠦᠳᠡᠨ ᠴᠤᠩᠬᠤ ᠶᠢ ᠳᠠᠪᠠᠵᠤ᠂ ᠦᠶᠡᠷ ᠤᠨ ᠤᠰᠤᠨ ᠤ | ᠦᠨᠳᠤᠷ ᠳᠠᠷᠤᠯᠳᠠ ᠶᠢᠨ ᠳᠤᠤᠷ᠎ᠠ ᠳᠡᠷᠬᠡᠨ ᠤ ᠡᠬᠦᠳᠡ ᠪᠠᠨ ᠨᠡᠬᠡᠬᠡᠵᠤ ᠳᠡᠶᠢᠯᠬᠦ ᠦᠬᠡᠢ ᠪᠤᠯᠪᠠᠯ ᠴᠤᠭᠤᠯᠳᠤᠷ ᠪᠤᠶᠤ | ᠠᠪᠤᠷᠠᠯᠳᠠ ᠶᠢᠨ ᠠᠯᠤᠬ᠎ᠠ ᠪᠠᠷ ᠳᠡᠷᠬᠡᠨ ᠤ ᠴᠤᠩᠬᠤᠨ ᠰᠢᠯ ᠢᠶᠠᠨ ᠬᠠᠭᠠᠯᠤᠨ ᠠᠶᠤᠯ ᠠᠴᠠ ᠵᠠᠶᠢᠯᠠᠵᠤ ᠪᠤᠯᠤᠨ᠎ᠠ᠃ |