ᠶᠠᠩ ᠶᠠᠨ ᠸᠧᠢ ︵1904-1949 ᠣᠨ︶
ᠨᠡᠶᠢᠲᠡᠯᠡᠭᠰᠡᠨ ᠴᠠᠭ᠄
2023/8/1
    ᠶᠠᠩ ᠶᠠᠨ ᠸᠧᠢ ︵1904-1949 ᠣᠨ︶᠂ ᠥᠭᠡᠷ᠎ᠡ ᠨᠡᠷ᠎ᠡ ᠨᠢ ᠶᠠᠩ ᠰᠥᠸᠧ ᠽᠧ ᠭᠡᠳᠡᠭ᠂ ᠬᠢᠲᠠᠳ ᠦᠨᠳᠦᠰᠦᠲᠡᠨ᠂ ᠱᠠᠨᠰᠢ ᠮᠤᠵᠢ ᠶᠢᠨ ᠹᠦ᠋ ᠬᠦ᠋ ᠰᠢᠶᠠᠨ ᠤ ᠬᠥᠮᠥᠨ᠃    1945 ᠣᠨ ᠳᠤ ᠬᠠᠨ ᠱᠢ ᠶᠢᠨ ᠤ ᠲᠠᠨᠢᠯᠴᠠᠭᠤᠯᠭ᠎ᠠ ᠪᠠᠷ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠣᠪᠠ᠃ 1949 ᠣᠨ ᠤ 7 ᠰᠠᠷ᠎ᠠ ᠳᠤ᠂ ᠲᠣᠭᠤᠷᠢᠮ ᠤᠨ ᠠᠵᠢᠯᠯᠠᠬᠤ ᠬᠤᠷᠢᠶᠠᠨ ᠤ ᠭᠡᠰᠢᠭᠦᠨ᠂ ᠬᠠᠩᠭᠢᠨ ᠬᠤᠰᠢᠭᠤᠨ ᠤ ᠠᠵᠢᠯᠯᠠᠬᠤ ᠬᠤᠷᠢᠶ᠎ᠠ᠂ ᠲᠣᠭᠤᠷᠢᠮ ᠤᠨ ᠠᠵᠢᠯᠯᠠᠬᠤ ᠬᠤᠷᠢᠶᠠᠨ ᠤ ᠬᠡᠰᠢᠭᠦᠨ ᠢᠶᠠᠷ ᠲᠣᠮᠢᠯᠠᠭᠳᠠᠪᠠ᠃ ᠤᠷᠢᠳ ᠬᠤᠵᠢᠳ ᠦᠮᠡᠬᠡᠶᠢᠨᠠᠭᠤᠷ ᠣᠷᠣᠨ ᠳᠤ ᠬᠦᠷᠴᠦ᠂ ᠲᠣᠭᠤᠷᠢᠮ ᠤᠨ ᠫᠠᠷᠲ᠋ᠢᠽᠠᠨ ᠠᠩᠭᠢ ᠶᠢᠨ ᠬᠦᠴᠦᠨ᠂ ᠲᠤᠬᠠᠢ ᠶᠢᠨ ᠭᠠᠵᠠᠷ ᠤᠨ ᠨᠠᠮ ᠤᠨ ᠵᠣᠬᠢᠶᠠᠨ ᠪᠠᠶᠢᠭᠤᠯᠤᠯᠲᠠ ᠪᠣᠯᠣᠨ ᠤᠯᠠᠨ ᠲᠦᠮᠡᠨ ᠳᠤ ᠲᠦᠰᠢᠭᠯᠡᠨ ᠠᠵᠢᠯ ᠢᠶᠠᠨ ᠥᠷᠨᠢᠭᠦᠯᠵᠡᠢ᠃ 9 ᠰᠠᠷ᠎ᠠ ᠶᠢᠨ 22 ᠤᠨ ᠡᠳᠦᠷ᠂ ᠦᠦᠰᠢᠨ ᠬᠤᠰᠢᠭᠤᠨ ᠤ ᠬᠤᠰᠢᠭᠤᠴᠢ ᠭᠧᠨᠧᠷᠠᠯ ᠤᠨ ᠰᠡᠷᠭᠡᠶᠢᠯᠡᠯᠲᠡ ᠶᠢᠨ ᠰᠧᠯᠢᠩ ᠴᠢ ᠢᠦᠢ ᠱᠠᠨ ᠵᠡᠪᠰᠡᠭᠲᠦ ᠬᠦᠴᠦᠨ ᠤ ᠤᠷᠪᠠᠯᠭ᠎ᠠ ᠭᠠᠷᠭᠠᠵᠤ᠂ ᠲᠡᠮᠡᠭᠡᠲᠦ᠂ ᠰᠠᠶᠢᠨᠳᠣᠷ᠎ᠠ  ᠶᠢᠨ ᠰᠤᠷᠮᠠᠭᠠᠢ ᠳᠡᠭᠡᠷᠡᠮ᠂ ᠠᠮᠤᠷ ᠢ ᠬᠠᠮᠠᠭᠠᠯᠠᠬᠤ ᠬᠤᠷᠢᠶᠠᠨ ᠤ ᠳᠠᠷᠤᠭ᠎ᠠ ᠭᠤᠤ ᠬᠤᠸᠠᠢ ᠰᠢᠶᠦ᠋ᠩ᠂ ᠵᠠᠩ ᠱᠢ ᠬᠤᠸᠠ ᠨᠠᠷ ᠲᠠᠢ ᠰᠦᠯᠪᠡᠭᠡᠯᠡᠨ ᠶᠡᠭᠡ ᠵᠤᠤ ᠠᠶᠢᠮᠠᠭ ᠲᠤ ᠰᠢᠷᠭᠤᠨ ᠣᠷᠣᠵᠤ᠂ ᠰᠢᠨ᠎ᠡ ᠵᠡᠭᠡᠯᠢ ᠶᠢ ᠲᠠᠭᠠᠷᠢᠨ ᠴᠣᠬᠢᠵᠤ᠂ ᠵᠠᠮ ᠲᠣᠷᠰᠢ ᠠᠯᠠᠨ ᠬᠢᠳᠤᠵᠤ ᠪᠤᠯᠢᠶᠠᠨ ᠳᠡᠭᠡᠷᠡᠮᠳᠡᠪᠡ᠃ 10 ᠰᠠᠷ᠎ᠠ ᠶᠢᠨ 8 ᠤ ᠡᠳᠦᠷ᠂ ᠴᠢ ᠢᠦᠢ ᠱᠠᠨ ᠤ ᠤᠷᠪᠠᠭᠰᠠᠨ ᠳᠡᠭᠡᠷᠡᠮ ᠳᠣᠣᠷᠠᠬᠢ ᠬᠥᠮᠥᠰ ᠢᠶᠠᠨ ᠲᠣᠮᠢᠯᠠᠨ ᠲᠤᠭᠤᠷᠢᠮ ᠤᠨ ᠫᠠᠷᠲ᠋ᠢᠽᠠᠨ ᠠᠩᠭᠢ ᠶᠢᠨ ᠭᠤᠷᠪᠠᠳᠤᠭᠠᠷ ᠰᠠᠯᠪᠤᠷᠢ ᠠᠩᠭᠢ ᠶᠢᠨ ᠳᠠᠷᠤᠭ᠎ᠠ ᠳᠣᠷᠵᠢ ᠶᠢ ᠥᠳᠥᠭᠡᠨ ᠤᠷᠪᠠᠭᠤᠯᠬᠤ ᠶᠢᠨ ᠬᠠᠮᠲᠤ ᠬᠥᠮᠥᠨ ᠲᠣᠮᠢᠯᠠᠨ ᠯᠢᠦ ᠵᠢᠦ ᠸᠧᠢ ᠶᠢᠨ ᠳᠡᠭᠡᠷᠡᠮ ᠤᠨ ᠴᠡᠷᠢᠭ ᠲᠤ ᠵᠠᠮ ᠳᠠᠭᠠᠭᠤᠯᠤᠨ ᠲᠤᠭᠤᠷᠢᠮ ᠤᠨ ᠫᠠᠷᠲ᠋ᠢᠽᠠᠨ ᠠᠩᠭᠢ ᠶᠢ ᠨᠡᠬᠡᠮᠵᠢᠯᠡᠨ ᠴᠣᠬᠢᠪᠠ᠃ 10 ᠰᠠᠷ᠎ᠠ ᠶᠢᠨ 9 ᠤ ᠡᠳᠦᠷ᠂ ᠰᠢᠷᠦᠭᠦᠨ ᠪᠠᠶᠢᠯᠳᠤᠭᠠᠨ ᠢᠶᠠᠷ ᠳᠠᠮᠵᠢᠨ᠂ ᠲᠤᠭᠤᠷᠢᠮ ᠤᠨ ᠠᠷᠠᠳ ᠤᠨ ᠫᠠᠷᠲ᠋ᠢᠽᠠᠨ ᠠᠩᠭᠢ ᠪᠦᠰᠡᠯᠡᠯᠲᠡ ᠶᠢ ᠰᠢᠪᠲᠤᠯᠤᠨ ᠭᠠᠷᠴᠤ᠂ ᠦᠦᠰᠢᠨ ᠬᠤᠰᠢᠭᠤᠨ ᠤ ᠬᠤᠸᠠᠩᠲᠣᠯᠣᠭᠠᠶ ᠣᠷᠴᠢᠮ ᠤᠬᠤᠷᠢᠪᠠ᠃ ᠡᠮᠦᠨ᠎ᠡ ᠨᠢ ᠭᠤᠤ ᠬᠤᠸᠠᠢ ᠰᠢᠶᠦ᠋ᠩ ᠤᠨ ᠳᠡᠭᠡᠷᠡᠮ ᠤᠨ ᠴᠡᠷᠢᠭ ᠤᠨ ᠬᠠᠰᠢᠭᠰᠠᠨ ᠵᠠᠮ ᠪᠠᠶᠢᠬᠤ ᠶᠢ ᠣᠯᠵᠤ ᠰᠣᠨᠣᠰᠤᠮᠠᠭᠴᠠ ᠵᠡᠭᠦᠨᠰᠢ ᠶᠠᠪᠤᠪᠠ᠃ 10 ᠰᠠᠷ᠎ᠠ ᠶᠢᠨ 13 ᠤ ᠰᠥᠨᠢ ᠳᠦᠯᠢ ᠪᠠᠷ ᠰᠠᠶᠢᠨᠳᠣᠷ᠎ᠠ  ᠶᠢᠨ ᠱᠠᠩ ᠵᠢᠶᠠ ᠭᠧᠦ ᠶᠢᠨ ᠬᠤᠶᠢᠲᠤ ᠲᠠᠯ᠎ᠠ ᠳᠤ ᠬᠦᠷᠬᠦ ᠳᠤ᠂ ᠬᠥᠮᠥᠨ ᠮᠣᠷᠢ ᠨᠢ ᠶᠠᠳᠠᠷᠠᠵᠤ ᠵᠦᠳᠡᠷᠡᠭᠰᠡᠨ ᠠᠴᠠ ᠪᠣᠯᠵᠤ ᠵᠦᠯᠭᠡᠨ ᠳᠡᠭᠡᠷ᠎ᠡ ᠮᠣᠷᠢ ᠪᠠᠨ ᠲᠠᠯᠪᠢᠵᠤ ᠠᠮᠠᠷᠠᠪᠠ᠃ ᠦᠷ ᠴᠠᠶᠢᠭᠰᠠᠨ ᠤ ᠳᠠᠷᠠᠭ᠎ᠠ᠂ ᠫᠠᠷᠲ᠋ᠢᠽᠠᠨ ᠠᠩᠭᠢ ᠡᠮᠦᠨᠡᠰᠢ ᠪᠠᠨ ᠬᠤᠶᠠᠷ ᠭᠤᠷᠪᠠᠨ ᠭᠠᠵᠠᠷ ᠶᠠᠪᠤᠮᠠᠭᠴᠠ᠂ ᠭᠤᠣ ᠬᠤᠸᠠᠢ ᠰᠢᠶᠦᠶᠢᠩ ᠤᠨ ᠬᠡᠳᠦᠨ ᠵᠠᠭᠤᠨ ᠥᠪᠡᠷ ᠢ ᠪᠠᠨ ᠬᠠᠮᠠᠭᠠᠯᠠᠬᠤ ᠴᠡᠷᠢᠭ ᠲᠠᠢ  ᠲᠠᠭᠠᠷᠢᠯᠳᠣᠵᠣ᠂ ᠫᠠᠷᠲ᠋ᠢᠽᠠᠨ ᠠᠩᠭᠢ ᠪᠠᠶᠢᠯᠳᠤᠬᠤ ᠶᠢᠨ ᠳᠠᠭᠠᠤ ᠣᠬᠤᠷᠢᠬᠤ ᠳᠣᠮᠳᠠ ᠶᠠᠩ ᠶᠠᠨ ᠸᠧᠢ ᠵᠣᠯ ᠪᠤᠰᠤ ᠪᠠᠷ ᠰᠤᠮᠤᠨ ᠳᠤ ᠣᠨᠣᠭᠳᠠᠵᠤ ᠦᠷᠡᠭᠳᠡᠪᠡ᠂ ᠲᠤᠬᠠᠢ ᠶᠢᠨ ᠦᠶ᠎ᠡ ᠳᠤ ᠳᠦᠴᠢᠨ ᠳᠦᠷᠪᠡᠬᠡᠨ ᠨᠠᠰᠤᠲᠠᠢ ᠪᠢᠯᠡ᠃                            ︵ᠡᠬᠡ ᠪᠢᠴᠢᠭ ᠢ ᠳ᠋ᠦᠩᠱᠧᠩ ᠤᠨ ᠦᠷᠡᠭᠳᠡᠭᠰᠡᠨ ᠪᠠᠭᠠᠲᠣᠷᠴᠣᠳ ᠤᠨ ᠣᠩᠭᠤᠨ ᠤ ᠬᠠᠮᠠᠭᠠᠯᠠᠯᠲᠠ ᠶᠢᠨ ᠭᠠᠵᠠᠷ ᠠᠴᠠ ᠬᠠᠩᠭᠠᠪᠠ︶  
ᠢᠷᠡᠯᠲᠡ᠄ ᠲᠤᠰ ᠰᠦᠯᠵᠢᠶ᠎ᠠ