【ᠵᠤᠯ ᠵᠢᠷᠭᠠᠯᠳᠤ ᠳ᠋ᠦᠩᠱᠧᠩ ᠤᠨ ᠪᠠᠶᠠᠷ ᠵᠢᠷᠭᠠᠯᠳᠤ ᠠᠷᠠᠳ ᠤᠨ ᠠᠮᠢᠳᠤᠷᠠᠯ】ᠤᠨᠴᠠᠯᠢᠭᠳᠤ ᠵᠡᠭᠡᠯᠢ ᠭᠤᠳᠤᠮᠵᠢ ᠶᠢᠨ ᠬᠦᠭᠵᠢᠶᠠᠨᠳᠤ ᠰᠦᠨᠢ ᠶᠢᠨ ᠵᠠᠬ᠎ᠠ
ᠨᠡᠶᠢᠲᠡᠯᠡᠭᠰᠡᠨ ᠴᠠᠭ᠄
2023/8/1
     ᠵᠣᠨ ᠤ ᠰᠥᠨᠢ᠂ ᠳ᠋ᠦᠩᠱᠧᠩ ᠲᠣᠭᠤᠷᠢᠭ ᠤᠨ 1980 ᠳᠤ ᠪᠠᠶᠢᠭᠤᠯᠤᠭᠰᠠᠨ ᠬᠠᠭᠤᠴᠢᠨ ᠵᠡᠭᠡᠯᠢ ᠲᠣᠭᠤᠷᠢᠭ ᠲᠤ᠂ ︽ᠪᠢᠴᠢᠯ ᠰᠢᠨᠡᠴᠢᠯᠡᠯᠲᠡ︾ ᠬᠢᠭᠰᠡᠨ ᠤ ᠳᠠᠷᠠᠭᠠᠬᠢ ᠭᠡᠷ ᠪᠠᠶᠢᠰᠢᠩ ᠨᠢ ᠲᠣᠰ ᠭᠠᠵᠠᠷ ᠤᠨ ᠬᠥᠮᠥᠰ ᠤᠨ ᠣᠶ ᠳᠤᠷᠠᠳᠬᠠᠯ ᠢ ᠬᠠᠳᠠᠭᠠᠯᠠᠭᠰᠠᠨ ᠢᠶᠠᠷ ᠪᠠᠷᠠᠬᠤ ᠦᠭᠡᠢ᠂ ᠪᠠᠰᠠ ᠣᠲᠣ ᠦᠶ᠎ᠡ ᠶᠢᠨ ᠬᠡᠪ ᠨᠠᠮᠪᠠ  ᠲᠠᠢ ᠪᠠᠶᠢᠵᠤ᠂ ᠬᠤᠲᠠ ᠶᠢᠨ ᠠᠷᠠᠳ ᠪᠣᠯᠣᠨ ᠵᠤᠭᠠᠴᠠᠭᠰᠠᠳ ᠤᠨ ᠠᠩᠬᠠᠷᠤᠯ ᠢ ᠲᠠᠲᠠᠵᠤ ᠪᠣᠶ᠃ ᠫᠢᠸᠤ᠋ ᠤᠤᠭᠤᠨ ᠰᠢᠷᠠᠮᠠᠯ ᠰᠢᠷᠠᠵᠤ᠂ ᠳᠠᠭᠤᠤ ᠰᠣᠨᠣᠰᠴᠤ ᠺᠣᠹᠧ ᠤᠤᠭᠤᠨ᠂ ᠳᠡᠯᠬᠡᠬᠦᠷ ᠢᠶᠠᠷ ᠬᠦᠮᠦᠨ ᠬᠠᠷ᠎ᠠ ᠨᠠᠰᠢ ᠴᠠᠰᠢ ᠰᠦᠯᠵᠢᠯᠳᠤᠨ᠂ ᠥᠪᠡᠷᠮᠢᠴᠡ ᠣᠨᠴᠠᠯᠢᠭ ᠲᠠᠢ ᠬᠡᠷᠡᠭᠯᠡᠭᠡᠨ ᠤ ᠭᠠᠵᠠᠷ ᠨᠢ ᠬᠡᠷᠡᠭᠯᠡᠭᠴᠢᠳ ᠢ ᠳᠠᠳᠠᠵᠤ᠂ ᠰᠥᠨᠢ ᠶᠢᠨ ᠲᠠᠩᠰᠤᠭ ᠰᠠᠶᠢᠬᠠᠨ ᠠᠮᠢᠳᠤᠷᠠᠯ ᠢ ᠡᠳ᠋ᠯᠡᠭᠦᠯᠦᠨ᠎ᠡ᠃
5.jpg
3.jpg
     ︽ᠡᠨᠡ ᠳᠡᠯᠭᠡᠭᠦᠷ ᠤᠨ ᠪᠦᠬᠦᠶᠢᠯᠡ ᠠᠭᠤᠷ ᠠᠮᠢᠰᠬᠤᠯ ᠨᠢ ᠵᠠᠯᠠᠭᠤᠴᠤᠳ ᠤᠨ ᠰᠡᠳᠬᠢᠯ ᠳᠤ ᠮᠠᠰᠢ ᠲᠣᠬᠢᠷᠠᠵᠤ ᠪᠠᠶᠢᠨ᠎ᠠ᠂ ᠣᠯᠠᠨ ᠢᠶᠠᠷ ᠢᠶᠠᠨ ᠨᠢᠭᠡ ᠡᠳᠦᠷ ᠤᠨ ᠠᠵᠢᠯᠯᠠᠵᠤ ᠶᠠᠭᠠᠷᠠᠭᠰᠠᠨ ᠰᠡᠳᠬᠢᠯᠭᠡ ᠪᠠᠨ ᠦᠳᠡᠰᠢ ᠠᠳᠡ ᠢᠷᠡᠵᠤ ᠳᠠᠶᠢᠪᠤᠰᠢᠷᠠᠭᠤᠯᠳᠠᠭ ᠪᠠᠶᠢᠨ᠎ᠠ︾᠃                                                                           — ᠬᠤᠲᠠ ᠶᠢᠨ ᠠᠷᠠᠳ ᠸᠠᠩ ᠬᠤᠤ ᠵᠢᠶᠧ
4.jpg
     ︽ᠪᠢᠳᠡᠨ ᠤ ᠥᠪᠡᠷᠮᠢᠴᠡ ᠣᠨᠴᠠᠯᠢᠭ ᠪᠣᠯ ᠴᠤᠯ ᠠᠮᠤ ᠪᠤᠳᠭᠠᠨ ᠤ ᠨᠡᠷᠡᠮᠡᠯ᠂ ᠰᠢᠷᠠᠯᠠᠭ᠎ᠠ ᠶᠢᠨ ᠲᠦᠭᠦᠬᠡᠢ ᠮᠠᠲ᠋ᠧᠷᠢᠶᠠᠯ ᠨᠢ ᠴᠥᠮ ᠦᠦᠰᠢᠨ ᠬᠤᠰᠢᠭᠤᠨ ᠤ ᠬᠤᠨᠢᠨ ᠮᠢᠬ᠎ᠠ ᠪᠠᠶᠢᠵᠤ᠂ ᠮᠠᠨ ᠤ ᠲᠤᠬᠠᠢ ᠶᠢᠨ ᠭᠠᠵᠠᠷ ᠤᠨ ᠬᠥᠮᠥᠰ ᠤᠨ ᠢᠳᠡᠭᠡᠨ ᠤ ᠱᠠᠭᠠᠷᠳᠡᠠᠯᠭ᠎ᠠ ᠲᠠᠢ ᠨᠡᠶᠢᠴᠡᠵᠤ᠂ ᠡᠳᠤᠷ ᠪᠦᠷᠢ ᠵᠤᠴᠢᠨ ᠤᠯᠠᠨᠳᠠᠢ ᠪᠠᠶᠢᠵᠤ᠂ ᠵᠠᠷᠢᠮ ᠦᠶ᠎ᠡ ᠳᠤ ᠮᠦᠷᠯᠡᠨ ᠬᠦᠯᠢᠶᠡᠬᠦ ᠬᠡᠷᠡᠭᠳᠠᠢ︾ ᠭᠡᠪᠡ᠃                                                                         — ᠠᠷᠢᠬᠢᠨ ᠮᠤᠬᠤᠯᠠᠭ ᠤᠨ ᠳᠠᠷᠤᠭ᠎ᠠ ᠹᠧᠩ ᠬᠤᠤ
6.jpg
     ︽ᠭᠡᠷ ᠤᠨ ᠡᠭᠦᠳᠡᠨ ᠳᠤ ᠡᠶᠢᠮᠦ ᠰᠠᠶᠢᠬᠠᠨ ᠠᠭᠤᠷ ᠠᠮᠢᠰᠬᠤᠯ ᠲᠠᠢ ᠠᠷᠢᠬᠢᠨ ᠪᠠᠭᠠᠷ ᠪᠠᠶᠢᠬᠤ ᠪᠦᠬᠡᠳ ᠡᠯ᠎ᠡ ᠵᠦᠢᠯ ᠤᠨ ᠠᠮᠲᠠᠲᠠᠢ ᠢᠳᠡᠬᠡᠨ ᠤᠮᠳᠠᠭᠠᠨ᠂ ᠪᠠᠰᠠ ᠦᠨᠳᠦᠰᠦᠲᠡᠨ ᠤ ᠣᠨᠴᠠᠯᠢᠭ ᠲᠠᠢ ᠤᠷᠠᠨ ᠰᠠᠶᠢᠬᠠᠨ ᠤ ᠲᠣᠭᠯᠠᠯᠲᠠ ᠲᠠᠢ᠂ ᠮᠠᠰᠢ ᠬᠦᠭᠵᠢᠶᠠᠨᠳᠠᠢ ᠪᠠᠶᠢᠳᠠᠭ ᠠᠴᠠ ᠠᠵᠢᠯ ᠠᠴᠠ ᠪᠠᠭᠤᠭᠠᠳ ᠠᠳᠡ ᠢᠷᠡᠵᠤ ᠳᠦᠷ ᠰᠠᠭᠤᠬᠤ ᠨᠢ ᠮᠠᠰᠢ ᠳᠠᠭᠠᠳᠠᠢ᠂ ᠰᠡᠯᠡᠬᠦᠨ ᠰᠠᠨᠠᠭᠳᠠᠳᠠᠭ︾᠃                                                                             — ᠬᠤᠲᠠ ᠶᠢᠨ ᠠᠷᠠᠳ ᠼᠦᠢ ᠵᠢᠶᠠᠨ
2.jpg
7.jpg
     ᠣᠶᠢᠷ᠎ᠠ ᠶᠢᠨ ᠵᠢᠯ ᠳᠤ᠂ ᠳ᠋ᠦᠩᠱᠧᠩ ᠲᠣᠭᠤᠷᠢᠭ ᠱᠢ ᠱᠠᠩ ᠮᠥᠸᠧ ᠳ᠋ᠢ ᠵᠡᠭᠡᠯᠢ᠂ ᠰᠥᠨᠢ ᠶᠢᠨ ᠬᠡᠷᠡᠭᠯᠡᠭᠡᠨ ᠤ ᠣᠨᠴᠠᠯᠢᠭᠲᠤ ᠵᠡᠭᠡᠯᠢ ᠲᠣᠭᠤᠷᠢᠭ᠂ ᠢ ᠴᠧᠩ ᠵᠡᠭᠦᠨ ᠵᠡᠭᠡᠯᠢ᠂ ᠮᠠᠨ ᠱᠢ ᠠᠭᠤᠳᠠᠮ ᠲᠠᠯᠠᠪᠠᠶ ᠶᠢᠨ ᠮᠧᠢ ᠲᠢᠶᠠᠨ ᠴᠧᠩ᠂ ᠨᠤᠤᠯᠤᠭᠤᠷ ᠤᠨ ᠰᠣᠳᠣᠨ ᠣᠨᠴᠠᠯᠢᠭᠲᠤ ᠵᠡᠭᠡᠯᠢ ᠲᠣᠭᠤᠷᠢᠭ᠂ ᠲᠣᠭᠠᠴᠢᠯᠠᠭᠰᠠᠨ ᠴᠢᠮᠡᠭᠡ ᠬᠤᠯᠪᠣᠭ᠎ᠠ ᠶᠢᠨ ᠤᠷᠤᠰᠬᠠᠯᠳᠤ ᠵᠡᠭᠡᠯᠢ ᠲᠣᠭᠤᠷᠢᠭ᠂ ᠣᠷᠳᠣᠰ ᠤᠨ ᠰᠣᠶᠣᠯ ᠲᠠᠮᠢᠷ ᠤᠨ ᠵᠠᠷ ᠮᠡᠳᠡᠭᠡᠨ ᠤ ᠦᠢᠯᠡᠰ ᠴᠣᠭᠴᠠᠯᠠᠬᠤ ᠬᠦᠷᠢᠶᠡᠯᠡᠩ᠂ ᠵᠢᠶᠠ ᠵᠢᠶᠠ ᠴᠢᠩ ᠴᠤᠸᠠᠩ · ᠧ ᠡᠯ ᠳ᠋ᠥᠸᠧ ᠹᠦ᠋ ᠭᠤᠳᠤᠮᠵᠢ ᠵᠡᠷᠭᠡ ᠰᠦᠯᠵᠢᠶᠠᠨ ᠤ ᠬᠠᠯᠠᠮᠰᠢᠯ ᠤᠨ ᠣᠨᠴᠠᠯᠢᠭᠲᠤ ᠬᠤᠳᠠᠯᠳᠤᠭᠠᠨ ᠤ ᠵᠡᠭᠡᠯᠢ ᠲᠣᠭᠤᠷᠢᠭ ᠢ ᠭᠤᠣᠯᠳᠠᠯᠭ᠎ᠠ ᠲᠠᠢ ᠪᠠᠶᠢᠭᠤᠯᠪᠠ᠃ ᠡᠳᠡᠭᠡᠷ ᠵᠡᠭᠡᠯᠢ ᠲᠣᠭᠤᠷᠢᠭ ᠤᠨ ᠴᠤᠭᠯᠠᠷᠠᠯ ᠤᠨ ᠦᠢᠯᠡᠳᠦᠯ ᠮᠡᠳᠡᠭᠳᠡᠮ᠎ᠡ᠂ ᠰᠣᠶᠣᠯ ᠤᠨ ᠰᠠᠭᠤᠷᠢ ᠭᠦᠨ ᠵᠤᠵᠠᠭᠠᠨ᠂ ᠵᠡᠭᠡᠯᠢ ᠲᠣᠭᠤᠷᠢᠭ ᠤᠨ ᠬᠠᠮᠢᠶᠠᠷᠤᠯᠲᠠ ᠪᠦᠷᠢᠨ ᠲᠡᠭᠦᠯᠳᠡᠷ᠂ ᠬᠡᠷᠡᠭᠯᠡᠭᠡ ᠶᠢ ᠳᠠᠶᠢᠴᠢᠯᠠᠬᠤ ᠦᠢᠯᠡᠳᠦᠯ ᠮᠡᠳᠡᠭᠳᠡᠮ᠎ᠡ ᠪᠠᠶᠢᠨ᠎ᠠ᠃ ᠬᠠᠭᠤᠴᠢᠨ ᠵᠡᠭᠡᠯᠢ ᠲᠣᠭᠤᠷᠢᠭ ᠢ ᠣᠷᠭᠠᠨᠢᠭ ᠢᠶᠠᠷ ᠰᠢᠨᠡᠳᠬᠡᠬᠦ ᠪᠠᠷ ᠳᠠᠮᠵᠢᠭᠤᠯᠤᠨ ᠴᠢᠳᠠᠮᠵᠢ ᠶᠢᠨ ᠳᠤᠲᠠᠭᠤᠳᠠᠯ ᠢ ᠨᠥᠬᠦᠪᠦᠷᠢᠯᠡᠵᠦ᠂ ᠨᠡᠩ ᠲᠤᠳᠤ ᠴᠠᠭ ᠤᠨ ᠦᠩᠬᠡᠳᠤ ᠰᠢᠨ᠎ᠡ ᠬᠤᠳᠠᠯᠳᠤᠭᠠᠨ ᠤ ᠭᠠᠵᠠᠷ ᠢ ᠨᠡᠮᠡᠷᠢᠯᠡᠵᠦ᠂ ᠰᠥᠨᠢ ᠶᠢᠨ ᠬᠡᠷᠡᠭᠯᠡᠭᠡ ᠶᠢ ᠤᠯᠠᠮ ᠬᠥᠭᠵᠢᠶᠡᠨᠲᠡᠢ ᠪᠣᠯᠭᠠᠪᠠ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ