1. ᠠᠭᠠᠷ ᠳᠤᠬᠢᠷᠠᠭᠤᠯᠤᠭᠴᠢ ᠶᠢ ᠬᠡᠷᠡᠭᠯᠡᠬᠦ ᠠᠴᠠ ᠪᠠᠨ ᠡᠮᠤᠨ᠎ᠡ ᠱᠦᠬᠦᠬᠦ ᠳᠤᠤᠷ ᠪᠠ ᠢᠯᠴᠢ ᠳᠠᠷᠬᠠᠭᠠᠬᠤ | ᠢᠯᠳᠠᠰᠤ ᠶᠢ ᠠᠷᠢᠭᠤᠳᠬᠠᠭᠴᠢ ᠪᠠᠷ ᠤᠬᠢᠶᠠᠵᠤ ᠴᠡᠪᠡᠷᠯᠡᠨ᠎ᠡ᠃ ᠰᠫᠢᠷᠲ ᠢᠶᠠᠷ ᠠᠭᠠᠷ ᠳᠤᠬᠢᠷᠠᠭᠤᠯᠤᠭᠴᠢ ᠶᠢ | ᠴᠡᠪᠡᠷᠯᠡᠵᠤ ᠪᠤᠯᠬᠤ ᠦᠬᠡᠢ᠂ ᠳᠡᠯᠪᠡᠷᠡᠬᠦ ᠠᠶᠤᠯ ᠲᠠᠢ᠃ | 2. ᠵᠤᠨ ᠤ ᠤᠯᠠᠷᠢᠯ ᠳᠤ ᠭᠠᠳᠠᠨ᠎ᠠ ᠠᠴᠠ ᠬᠡᠷ ᠲᠤ ᠤᠷᠤᠮᠠᠭᠴᠠ ᠠᠭᠠᠷ ᠳᠤᠬᠢᠷᠠᠭᠤᠯᠤᠭᠴᠢ ᠶᠢᠨ ᠳᠤᠤᠷ᠎ᠠ | ᠵᠤᠭᠰᠤᠵᠤ ᠰᠢᠭᠤᠳ ᠦᠯᠢᠶᠡᠯᠬᠡᠵᠤ ᠪᠤᠯᠬᠤ ᠦᠬᠡᠢ᠂ ᠴᠢᠰᠤᠨ ᠰᠤᠳᠠᠯ ᠲᠦᠷᠬᠡᠨ ᠠᠪᠴᠢᠬᠤ ᠠᠴᠠ ᠰᠡᠷᠬᠡᠶᠢᠯᠡᠵᠤ᠂ | ᠵᠢᠷᠦᠬᠡ ᠳᠡᠷᠢᠬᠢᠨ ᠤ ᠴᠢᠰᠤᠨ ᠰᠤᠳᠠᠯ ᠤᠨ ᠡᠪᠡᠳᠴᠢᠨ ᠳᠤ ᠨᠡᠷᠪᠡᠭᠳᠡᠬᠦ ᠠᠴᠠ ᠵᠠᠶᠢᠯᠠᠰᠬᠢᠨ᠎ᠡ᠃ | 3. ᠠᠭᠠᠷ ᠳᠤᠬᠢᠷᠠᠭᠤᠯᠤᠭᠴᠢ ᠶᠢ ᠨᠡᠬᠡᠬᠡᠳ ᠬᠡᠰᠡᠭ ᠬᠤᠭᠤᠴᠠᠭ᠎ᠠ ᠪᠤᠯᠤᠭᠰᠠᠨ ᠤ ᠳᠠᠷᠠᠭ᠎ᠠ ᠰᠠᠶ᠋ᠢ ᠡᠬᠦᠳᠡ | ᠴᠤᠩᠬᠤ ᠪᠠᠨ ᠬᠠᠭᠠᠪᠠᠯ ᠵᠤᠬᠢᠨ᠎ᠠ᠃ | 4. ᠠᠭᠠᠷ ᠳᠤᠬᠢᠷᠠᠭᠤᠯᠤᠭᠴᠢ ᠶᠢᠨ ᠳᠤᠯᠠᠭᠠᠨ ᠤ ᠬᠡᠮᠵᠢᠶ᠎ᠡ ᠶᠢ ᠡᠩ ᠤᠨ ᠪᠠᠶᠢᠳᠠᠯ ᠳᠤ 26 ᠭᠷᠠᠳᠦ᠋ᠰ ᠪᠤᠶᠤ | ᠡᠬᠦᠨ ᠠᠴᠠ ᠨᠡᠩ ᠦᠨᠳᠤᠷ ᠪᠠᠶᠢᠯᠭᠠᠵᠤ᠂ ᠬᠡᠷ ᠤᠨ ᠳᠤᠳᠤᠨ᠎ᠠ ᠭᠠᠳᠠᠨᠠᠬᠢ ᠳᠤᠯᠠᠭᠠᠨ ᠤ ᠵᠦᠷᠢᠶ᠎ᠡ ᠶᠢ 10 | ᠭᠷᠠᠳᠦ᠋ᠰ ᠠᠴᠠ ᠬᠡᠳᠤᠷᠡᠬᠦᠯᠵᠤ ᠪᠤᠯᠬᠤ ᠦᠬᠡᠢ᠃ | 5. ᠠᠭᠠᠷ ᠳᠤᠬᠢᠷᠠᠭᠤᠯᠤᠭᠴᠢ ᠶᠢᠨ ᠬᠦᠢᠳᠡᠨ ᠰᠠᠯᠬᠢ ᠰᠢᠭᠤᠳ ᠦᠯᠢᠶᠡᠬᠦ ᠠᠴᠠ ᠪᠤᠯᠭᠤᠮᠵᠢᠯᠠᠨ᠎ᠠ᠃ | 6. ᠠᠭᠠᠷ ᠳᠤᠬᠢᠷᠠᠭᠤᠯᠤᠭᠴᠢ ᠶᠢ ᠤᠷᠳᠤ ᠬᠤᠭᠤᠴᠠᠭ᠎ᠠ ᠪᠠᠷ ᠨᠡᠬᠡᠬᠡᠵᠤ ᠪᠤᠯᠬᠤ ᠦᠬᠡᠢ᠂ ᠳᠤᠭᠳᠠᠭᠰᠠᠨ | ᠬᠤᠭᠤᠴᠠᠭ᠎ᠠ ᠲᠠᠢ ᠪᠠᠷ ᠬᠠᠭᠠᠵᠤ ᠰᠠᠯᠬᠢ ᠨᠡᠪᠳᠡᠷᠡᠬᠦᠯᠦᠨ᠎ᠡ᠃ | 7. ᠰᠦᠨᠢ ᠤᠨᠳᠠᠬᠤ ᠦᠶ᠎ᠡ ᠳᠤ ᠠᠭᠠᠷ ᠳᠤᠬᠢᠷᠠᠭᠤᠯᠤᠭᠴᠢ ᠶᠢᠨ ᠰᠦᠨᠢ ᠶᠢᠨ ᠵᠠᠭᠪᠤᠷ ᠢ ᠨᠡᠬᠡᠬᠡᠬᠦ ᠪᠤᠶᠤ | ᠳᠤᠭᠳᠠᠭᠰᠠᠨ ᠴᠠᠭ ᠲᠠᠢ ᠨᠡᠬᠡᠬᠡᠵᠤ ᠬᠠᠭᠠᠬᠤ ᠪᠠᠷ ᠳᠤᠬᠢᠷᠠᠭᠤᠯᠵᠤ ᠪᠤᠯᠤᠨ᠎ᠠ᠃ ᠠᠭᠠᠷ ᠳᠤᠬᠢᠷᠠᠭᠤᠯᠤᠭᠴᠢ ᠶᠢᠨ | ᠴᠢᠬᠢᠭ ᠢ ᠠᠷᠢᠯᠭᠠᠬᠤ ᠴᠢᠳᠠᠪᠬᠢ ᠨᠢ ᠬᠡᠷ ᠳᠤᠳᠤᠷᠠᠬᠢ ᠠᠭᠠᠷ ᠢ ᠨᠡᠩ ᠬᠠᠭᠤᠷᠠᠢ ᠳᠠᠭᠠᠯᠠᠮᠵᠢᠳᠡᠢ ᠪᠤᠯᠭᠠᠵᠤ | ᠴᠢᠳᠠᠨ᠎ᠠ᠃ | 8. ᠠᠭᠠᠷ ᠳᠤᠬᠢᠷᠠᠭᠤᠯᠤᠭᠴᠢ ᠲᠠᠢ ᠦᠷᠦᠬᠡᠨ ᠳᠤ ᠤᠳᠠᠭᠠᠨ ᠰᠠᠭᠤᠬᠤ ᠳᠤ ᠪᠠᠨ ᠦᠶ᠎ᠡ ᠬᠡᠰᠢᠬᠦᠦ᠂ | ᠬᠦᠵᠦᠬᠦᠦ᠂ ᠨᠢᠷᠤᠭᠤ᠂ ᠬᠡᠪᠡᠯᠢ ᠶᠢᠨ ᠬᠡᠰᠡᠭ ᠵᠢᠩᠬᠢᠨᠡᠬᠦ ᠠᠴᠠ ᠬᠢᠴᠢᠶᠡᠬᠦ ᠬᠡᠷᠡᠭᠳᠡᠢ᠃ | 9. ᠤᠷᠳᠤ ᠬᠤᠭᠤᠴᠠᠭ᠎ᠠ ᠪᠠᠷ ᠠᠭᠠᠷ ᠳᠤᠬᠢᠷᠠᠭᠤᠯᠤᠭᠴᠢ ᠲᠠᠢ ᠦᠷᠦᠬᠡᠨ ᠳᠤ ᠠᠵᠢᠯᠯᠠᠵᠤ ᠠᠮᠢᠳᠤᠷᠠᠵᠤ | ᠪᠠᠶᠢᠭ᠎ᠠ ᠬᠦᠮᠦᠰ ᠬᠡᠷ ᠤᠨ ᠭᠠᠳᠠᠨᠠᠬᠢ ᠬᠦᠳᠡᠯᠬᠡᠬᠡᠨ ᠢᠶᠠᠨ ᠨᠡᠮᠡᠭᠳᠡᠬᠦᠯᠬᠦ ᠶᠢ ᠠᠩᠬᠠᠷᠬᠤ ᠬᠡᠷᠡᠭᠳᠡᠢ᠃ | 10. ᠠᠭᠠᠷ ᠳᠤᠬᠢᠷᠠᠭᠤᠯᠤᠭᠴᠢ ᠶᠢ ᠵᠢᠯ ᠪᠦᠷᠢ 2 ~3 ᠤᠳᠠᠭ᠎ᠠ ᠤᠬᠢᠶᠠᠵᠤ ᠴᠡᠪᠡᠷᠯᠡᠨ᠎ᠡ᠂ ᠵᠤᠨ ᠤ | ᠤᠯᠠᠷᠢᠯ ᠳᠤ ᠠᠭᠠᠷ ᠳᠤᠬᠢᠷᠠᠭᠤᠯᠤᠭᠴᠢ ᠶᠢ ᠬᠡᠷᠡᠭᠯᠡᠬᠦ ᠠᠴᠠ ᠡᠮᠤᠨ᠎ᠡ᠂ ᠬᠡᠷᠡᠭᠯᠡᠬᠦ ᠶᠠᠪᠤᠴᠠ ᠳᠤ ᠵᠢᠴᠢ ᠬᠡᠷᠡᠭᠯᠡᠬᠦ ᠪᠠᠨ | ᠪᠤᠯᠢᠬᠤ ᠦᠶ᠎ᠡ ᠳᠤ ᠳᠤᠰ ᠪᠦᠷᠢ ᠨᠢᠬᠡ ᠤᠳᠠᠭ᠎ᠠ ᠤᠬᠢᠶᠠᠵᠤ ᠴᠡᠪᠡᠷᠯᠡᠪᠡᠯ ᠵᠤᠬᠢᠨ᠎ᠠ᠃ | |