【ᠵᠤᠯ ᠵᠢᠷᠭᠠᠯᠳᠤ ᠳ᠋ᠦᠩᠱᠧᠩ ᠤᠨ ᠪᠠᠶᠠᠷ ᠵᠢᠷᠭᠠᠯᠳᠤ ᠠᠷᠠᠳ ᠤᠨ ᠠᠮᠢᠳᠤᠷᠠᠯ】ᠡᠬᠦᠳᠡᠨ ᠡᠮᠤᠨᠡᠬᠢ ᠦᠵᠡᠰᠬᠦᠯᠡᠩᠳᠤ ᠴᠡᠴᠡᠷᠯᠢᠭ
ᠨᠡᠶᠢᠲᠡᠯᠡᠭᠰᠡᠨ ᠴᠠᠭ᠄
2023/7/20
      ᠰᠤᠷᠪᠤᠯᠵᠢᠯᠠᠭᠴᠢ ᠨᠢ ᠬᠦᠢ ᠬᠤᠸᠠ ᠲᠠᠢ ᠵᠤᠯᠭᠠᠬᠤ ᠳᠤ ᠲᠡᠷᠡ ᠶᠠᠭ ᠬᠤᠶᠠᠷ ᠣᠮᠪᠣᠯᠣ ᠪᠠᠨ ᠳᠠᠭᠠᠭᠤᠯᠵᠤ ᠭᠡᠷ ᠤᠨ ᠡᠭᠦᠳᠡᠨ ᠳᠠᠬᠢ ︽ᠪᠢᠴᠢᠯ ᠴᠡᠴᠡᠷᠯᠢᠭ︾ ᠵᠢᠩ ᠱᠠᠨ ᠴᠡᠴᠡᠷᠯᠢᠭ ᠲᠤ ᠲᠤᠭᠯᠠᠭᠤᠯᠵᠤ ᠪᠠᠶᠢᠪᠠ᠃ ᠨᠢ ᠭᠦᠢ ᠬᠤᠸᠠ ᠬᠡᠯᠡᠬᠦ ᠳᠤ ᠪᠠᠨ᠄ ︽ᠪᠢ ᠣᠶᠢᠷ᠎ᠠ ᠬᠠᠪᠢ ᠶᠢᠨ ᠶᠢᠨ ᠲᠠᠢ ᠬᠤᠸᠠ ᠹᠦ᠋ ᠰᠠᠭᠤᠭᠠᠯᠢ ᠲᠤᠭᠤᠷᠢᠭ ᠲᠤ ᠰᠠᠭᠤᠵᠤ᠂ ᠦᠷᠬᠦᠯᠵᠢ ᠠᠳᠡ ᠢᠷᠡᠵᠤ ᠰᠡᠯᠡᠭᠦᠴᠡᠨ ᠠᠯᠬᠤᠳᠠᠭ᠃ ᠠᠰᠠᠷ ᠠᠴᠠ ᠪᠠᠭᠤᠪᠠᠯ ᠴᠡᠴᠡᠷᠯᠢᠭ ᠪᠣᠯᠴᠢᠬᠠᠨ᠎ᠠ᠂ ᠬᠡᠦᠬᠡᠳ ᠤᠳ ᠠᠳᠡ ᠨᠠᠭᠠᠳᠬᠤ ᠳᠤ ᠶᠡᠭᠡ ᠠᠮᠤᠷ ᠲᠦᠪᠰᠢᠨ᠂ ᠭᠠᠷᠴᠤ ᠢᠷᠡᠭᠡᠳ ᠲᠣᠭᠤᠷᠢᠬᠤ ᠳᠤ ᠴᠤ ᠶᠡᠭᠡ ᠤᠷᠮ᠎ᠠ ᠲᠠᠢ ᠪᠠᠶᠢᠨ᠎ᠠ︾ ᠭᠡᠯ᠎ᠡ᠃
3.jpg
     ︽ᠪᠢᠴᠢᠯ ᠴᠡᠴᠡᠷᠯᠢᠭ︾ ᠢ ᠪᠠᠶᠢᠭᠤᠯᠤᠭᠰᠠᠨ ᠨᠢ ᠬᠤᠲᠠ ᠶᠢᠨ ᠥᠩᠭᠡ ᠲᠥᠷᠬᠦ ᠶᠢ ᠳᠡᠭᠡᠭᠰᠢᠯᠡᠬᠦᠯᠬᠦ ᠶᠢᠨ ᠵᠡᠷᠭᠡᠪᠡᠷ ᠪᠠᠰᠠ ︽ᠠᠮᠢᠰᠬᠤᠬᠤ ᠠᠭᠠᠷ ᠨᠢ ᠰᠤᠷᠭᠤᠭ᠂ ᠬᠢᠰᠬᠢᠬᠦ ᠭᠠᠵᠠᠷ ᠨᠢ ᠨᠤᠭᠤᠭᠠᠨ ᠪᠠᠶᠢᠬᠤ︾ ᠰᠠᠶᠢᠨ ᠰᠠᠶᠢᠬᠠᠨ ᠬᠦᠰᠡᠯ ᠡᠷᠡᠮᠡᠯᠵᠡᠯ ᠢ ᠠᠯᠬᠤᠮ ᠠᠯᠬᠤᠮ ᠢᠶᠠᠷ ᠪᠣᠳᠠᠲᠤ ᠶᠠᠪᠤᠳᠠᠯ ᠪᠣᠯᠭᠠᠵᠤ᠂ ᠤᠯᠠᠮ ᠠᠴᠠ ᠤᠯᠠᠮ ᠤᠯᠠᠨ ᠬᠤᠳᠠ ᠶᠢᠨ ᠠᠷᠠᠳ ᠲᠤ ᠦᠨᠡᠨ ᠪᠣᠳᠠᠲᠠᠢ ᠨᠤᠭᠤᠭᠠᠨ ᠦᠵᠡᠮᠵᠢ ᠶᠢ ᠡᠳ᠋ᠯᠡᠬᠦᠯᠵᠤ᠂ ᠭᠡᠷ ᠤᠨ ᠡᠭᠦᠳᠡᠨ ᠳᠠᠬᠢ ︽ᠪᠢᠴᠢᠯ ᠴᠡᠴᠡᠷᠯᠢᠭ︾  ᠢᠶᠠᠨ ᠮᠠᠭᠲᠠᠭᠠᠳ ᠳᠠᠭᠤᠰᠤᠰᠢ ᠪᠠᠶᠢᠪᠠ᠃
2.jpg
4.jpg
5.jpg
     ︽ᠭᠡᠷ ᠤᠨ ᠣᠶᠢᠷ᠎ᠠ ᠬᠠᠪᠢ ᠳᠤ ᠡᠨᠡ ᠬᠦ ᠪᠢᠴᠢᠯ ᠴᠡᠴᠡᠷᠯᠢᠭ ᠢ ᠪᠠᠶᠢᠭᠤᠯᠤᠭᠰᠠᠨ ᠠᠴᠠ ᠨᠠᠰᠢ᠂ ᠣᠯᠠᠨ ᠢᠶᠠᠷ ᠢᠶᠠᠨ ᠡᠩ ᠤᠨ ᠴᠠᠭ ᠲᠤ ᠠᠳᠡ ᠢᠷᠡᠵᠦ ᠪᠡᠶ᠎ᠡ ᠪᠠᠨ ᠪᠣᠯᠪᠠᠰᠤᠷᠠᠭᠤᠯᠬᠤ ᠳᠤᠷᠠᠲᠠᠢ ᠪᠣᠯᠵᠠᠢ᠂ ᠭᠡᠷ ᠠᠴᠠ ᠣᠶᠢᠷ᠎ᠠ᠂ ᠠᠭᠤᠷ ᠠᠮᠢᠰᠬᠤᠯ ᠰᠠᠶᠢᠨ᠂ ᠣᠷᠴᠢᠨ ᠲᠣᠭᠤᠷᠢᠨ ᠴᠤ ᠭᠤᠶᠤ᠂ ᠡᠨᠡ ᠪᠣᠯ ᠮᠠᠨ ᠤ ᠳᠡᠷᠭᠡᠳᠡᠬᠢ ᠪᠢᠴᠢᠬᠠᠨ ᠴᠡᠴᠡᠷᠯᠢᠭ ᠮᠥᠨ᠂ ᠮᠥᠨ ᠴᠦ ᠮᠢᠨᠤ ᠪᠢᠴᠢᠬᠠᠨ ᠴᠡᠩᠭᠡᠯ ᠤᠨ ᠬᠦᠷᠢᠶᠡᠯᠡᠩ ᠮᠥᠨ︾ ᠭᠡᠵᠡᠢ᠃                                                                                — ᠬᠤᠲᠠ ᠶᠢᠨ ᠠᠷᠠᠳ ᠵᠣᠣ ᠱᠤᠸᠠᠩ
9.jpg
     ︽ᠪᠢᠳᠡ ᠣᠳᠣ ᠶᠠᠭ ᠵᠢᠩ ᠱᠠᠨ ᠴᠡᠴᠡᠷᠯᠢᠭ ᠤᠨ ᠳᠣᠲᠣᠷᠠᠬᠢ ᠨᠠᠰᠤᠲᠠᠶᠢᠴᠤᠳ ᠤᠨ ᠡᠭᠦᠳᠡᠨ ᠪᠦᠮᠪᠦᠭᠡ ᠶᠢᠨ ᠲᠠᠯᠠᠪᠠᠶ ᠶᠢᠨ ᠲᠥᠬᠦᠭᠡᠷᠦᠮᠵᠢ ᠶᠢ ᠲᠡᠭᠦᠯᠳᠡᠷᠵᠢᠭᠦᠯᠵᠦ᠂ ᠪᠡᠶ᠎ᠡ ᠴᠢᠭᠢᠷᠠᠭᠵᠢᠭᠤᠯᠬᠤ ᠳᠦᠬᠦᠭᠡᠷᠦᠮᠵᠢ ᠬᠡᠷᠡᠭᠰᠡᠯ ᠢ ᠵᠣᠬᠢᠴᠠᠭᠤᠯᠤᠨ ᠤᠭᠰᠠᠷᠠᠵᠤ᠂ ᠰᠠᠭᠤᠷᠢ ᠲᠥᠬᠦᠭᠡᠷᠦᠮᠵᠢ ᠶᠢ ᠠᠯᠢ ᠴᠢᠳᠠᠬᠤ ᠪᠠᠷ ᠪᠦᠷᠢᠨ ᠭᠦᠢᠴᠡᠳ ᠲᠣᠬᠢᠷᠠᠭᠤᠯᠵᠤ ᠪᠠᠶᠢᠨ᠎ᠠ᠂ ᠵᠢᠱᠢᠯᠲᠡ ᠪᠠᠷ 10 ᠰᠠᠷ᠎ᠠ ᠳᠤ ᠪᠦᠬᠦᠨ ᠢ ᠪᠠᠷᠢᠵᠤ ᠳᠠᠭᠤᠰᠬᠠᠨ᠎ᠠ᠂ ᠣᠳᠣᠬᠠᠨ ᠳᠤ ᠪᠠᠷᠢᠵᠤ ᠳᠠᠭᠤᠰᠬᠠᠭᠰᠠᠨ ᠬᠡᠰᠡᠭ  ᠢ ᠬᠤᠲᠠ ᠶᠢᠨ ᠠᠷᠠᠳ ᠲᠤ ᠵᠠᠯᠭᠠᠪᠠᠷ ᠨᠡᠭᠡᠭᠡᠵᠦ ᠪᠠᠶᠢᠨ᠎ᠠ︾᠃                                             — ᠳ᠋ᠦᠩᠱᠧᠩ ᠲᠣᠭᠤᠷᠢᠭ ᠤᠨ ᠴᠡᠴᠡᠷᠯᠢᠭᠵᠢᠬᠦᠯᠦᠯᠳᠡ ᠨᠣᠭᠤᠭᠠᠷᠠᠭᠤᠯᠤᠯᠲᠠ ᠶᠢᠨ                                                   ᠦᠢᠯᠡᠰ ᠤᠨ ᠬᠥᠭᠵᠢᠯᠲᠡ ᠶᠢᠨ ᠲᠥᠪ ᠤᠨ ᠸᠠᠩ ᠯᠦᠩ
8.jpg
11.jpg
     ᠲᠠᠨᠢᠯᠴᠠᠭᠤᠯᠤᠭᠰᠠᠨ ᠢᠶᠠᠷ᠂ ᠵᠢᠩ ᠱᠠᠨ ᠴᠡᠴᠡᠷᠯᠢᠭ ᠤᠨ ᠶᠡᠷᠦᠩᠬᠡᠢ ᠬᠡᠷᠡᠭᠯᠡᠬᠦ ᠭᠠᠵᠠᠷ ᠤᠨ ᠲᠠᠯᠠᠪᠠᠶ ᠨᠢ ᠪᠠᠷᠤᠭ 27400 ᠲᠡᠭᠰᠢ ᠳᠥᠷᠪᠡᠯᠵᠢᠨ ᠮᠧᠲᠷ ᠪᠠᠶᠢᠵᠤ᠂ ᠡᠯ᠎ᠡ ᠵᠤᠶᠢᠯ ᠤᠨ ᠬᠡᠯᠪᠡᠷᠢ ᠳᠦᠷᠰᠤ ᠲᠠᠢ ᠦᠨᠴᠦᠭ ᠪᠤᠯᠤᠩ ᠪᠠ ᠰᠤᠯᠠ ᠭᠠᠵᠠᠷ ᠢ ᠭᠦᠢᠴᠡᠳ ᠠᠰᠢᠭᠯᠠᠵᠤ᠂ ᠵᠠᠢ ᠵᠠᠪᠰᠠᠷ ᠢ ᠨᠢ ᠦᠵᠡᠵᠦ ᠨᠣᠭᠤᠭᠠᠷᠠᠭᠤᠯᠵᠤ ᠪᠠᠶᠢᠭᠤᠯᠤᠭᠰᠠᠨ ︽ᠪᠢᠴᠢᠯ ᠴᠡᠴᠡᠷᠯᠢᠭ︾ ᠪᠣᠯᠣᠨ᠎ᠠ᠃ ᠵᠢᠩ ᠱᠠᠨ ᠴᠡᠴᠡᠷᠯᠢᠭ ᠢ ᠪᠠᠶᠢᠭᠤᠯᠤᠭᠰᠠᠨ ᠨᠢ ᠣᠶᠢᠷ᠎ᠠ ᠬᠠᠪᠢ ᠶᠢᠨ ᠰᠠᠭᠤᠭᠠᠯᠢ ᠠᠷᠠᠳ  ᠢ ᠴᠡᠴᠡᠷᠯᠢᠭ ᠢᠶᠠᠷ ᠲᠣᠭᠤᠷᠢᠵᠤ᠂ ᠡᠬᠡ ᠪᠠᠶᠢᠭᠠᠯᠢ ᠶᠢᠨ ᠰᠠᠶᠢᠨ ᠰᠠᠶᠢᠬᠠᠨ ᠢ ᠮᠡᠳᠡᠷᠡᠬᠦᠯᠦᠨ᠂ ᠭᠡᠷ ᠠᠴᠠ ᠪᠠᠨ ᠭᠠᠷᠤᠮᠠᠭᠴᠠ ᠵᠢᠷᠤᠭ ᠤᠨ ᠳᠤᠮᠳᠠ ᠠᠯᠬᠤᠯᠠᠵᠤ ᠪᠠᠶᠢᠭ᠎ᠠ ᠶᠤᠮ ᠰᠢᠭ᠋ ᠭᠤᠶᠤᠮᠰᠤᠭ ᠮᠡᠳᠡᠷᠡᠮᠵᠢ ᠲᠦᠷᠦᠬᠦᠯᠦᠨ᠎ᠡ᠃ 
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ