ᠱᠢ ᠢᠦᠢ ᠱᠠᠨ  ︵1924 — 1948︶
ᠨᠡᠶᠢᠲᠡᠯᠡᠭᠰᠡᠨ ᠴᠠᠭ᠄
2023/7/15
    ᠡᠷᠡᠭᠲᠡᠢ᠂ ᠮᠤᠩᠭᠤᠯ ᠦᠨᠳᠦᠰᠦᠲᠡᠨ᠂ ᠦᠭᠡᠷ᠎ᠡ ᠨᠡᠷ᠎ᠡ ᠨᠢ ᠰᠠᠭᠰᠠ᠂ 1921 ᠣᠨ ᠤ 6 ᠰᠠᠷ᠎ᠠ ᠳᠤ ᠶᠡᠭᠡ ᠵᠤᠤ ᠶᠢᠨ ᠴᠢᠭᠤᠯᠭᠠᠨ ᠤ ᠦᠦᠰᠢᠨ ᠬᠤᠰᠢᠭᠤᠨ  ᠤ ᠴᠠᠮᠬᠠᠭ ᠭᠡᠳᠡᠭ ᠭᠠᠵᠠᠷ ᠲᠦᠷᠦᠵᠡᠢ᠃ 1928 ᠣᠨ ᠳᠤ ᠪᠦᠬᠦ ᠭᠡᠷ ᠢᠶᠠᠷ ᠢᠶᠠᠨ ᠭᠠᠴᠢᠭ ᠠᠴᠠ ᠵᠠᠶᠢᠯᠠᠨ ᠪᠣᠷᠣᠪᠠᠯᠭᠠᠰᠤᠨ ᠳᠤ ᠬᠦᠷᠴᠦ᠂ 1930 ᠣᠨ ᠳᠤ ᠺᠠᠲ᠋ᠣᠯᠢᠭ ᠱᠠᠰᠢᠨ ᠤ ᠰᠦᠮ᠎ᠡ ᠶᠢᠨ ᠰᠤᠷᠭᠠᠭᠤᠯᠢ ᠳᠤ ᠣᠷᠣᠵᠤ ᠰᠤᠷᠤᠯᠴᠠᠪᠠ᠃     1940 ᠣᠨ ᠳᠤ ᠪᠦᠬᠦ ᠭᠡᠷ ᠢᠶᠠᠷ ᠢᠶᠠᠨ ᠪᠠᠷᠠᠭᠤᠨ ᠦᠦᠰᠢᠨ ᠳᠤ ᠨᠡᠭᠦᠵᠦ ᠢᠷᠡᠭᠡᠳ ᠠᠮᠢᠳᠣᠷᠠᠯ ᠤᠨ ᠲᠠᠯ᠎ᠠ ᠪᠠᠷ ᠡᠪ ᠬᠠᠮᠲᠣ ᠨᠠᠮ ᠤᠨ ᠬᠡᠰᠢᠭᠦᠨ ᠽᠤᠤ ᠳ᠋ᠦᠩ ᡁᠢ᠂ ᠰᠢᠦᠢ ᠽᠢ ᠶᠸᠦ ᠶᠢᠨ ᠬᠠᠯᠠᠮᠵᠢᠯᠠᠯ ᠬᠠᠷᠠᠭᠠᠯᠵᠠᠯ ᠢᠶᠠᠷ ᠲᠣᠭᠲᠠᠨᠢᠵᠠᠢ᠂ ᠬᠤᠵᠢᠮ ᠨᠢ ᠪᠠᠰᠠ ᠡᠪ ᠬᠠᠮᠲᠣ ᠨᠠᠮ ᠤᠨ ᠰᠣᠷᠭᠠᠨ ᠬᠦᠮᠦᠵᠢᠯ ᠳᠣᠣᠷ᠎ᠠ ᠠᠬ᠎ᠠ ᠱᠢ ᠨᠠᠰᠣᠨ ᠲᠠᠢ ᠬᠠᠮᠲᠣ ᠨᠠᠮ ᠤᠨ ᠨᠢᠭᠤᠴᠠ ᠬᠤᠪᠢᠰᠬᠠᠯᠲᠣ ᠠᠵᠢᠯᠯᠠᠭ᠎ᠠ ᠳᠤ ᠣᠷᠣᠯᠴᠠᠵᠠᠢ᠃    1942 ᠤᠨ ᠳᠤ ᠱᠢ ᠢᠦᠢ ᠱᠠᠨ ᠴᠡᠷᠢᠭ ᠲᠤ ᠣᠷᠣᠵᠣ᠂ ᠪᠠᠷᠠᠭᠤᠨ ᠮᠣᠩᠭᠤᠯ ᠤᠨ ᠶᠠᠫᠣᠨ ᠢ ᠡᠰᠡᠷᠭᠦᠴᠡᠬᠦ ᠮᠣᠷᠢᠲᠣ ᠴᠡᠷᠢᠭ ᠤᠨ ᠫᠠᠷᠲ᠋ᠢᠽᠠᠨ ᠰᠠᠯᠪᠣᠷᠢ ᠠᠩᠭᠢ ᠶᠢᠨ ᠨᠢᠭᠡᠳᠦᠭᠡᠷ ᠶᠡᠭᠡ ᠠᠩᠭᠢ ᠶᠢᠨ ᠴᠢ ᠶᠢᠨ ᠱᠠᠨ ᠠᠩᠭᠢ ᠶᠢᠨ ᠲᠠᠷᠤᠭ᠎ᠠ ᠶᠢᠨ ᠳᠣᠣᠷ᠎ᠠ ᠠᠯᠪᠠ ᠬᠠᠭᠠᠪᠠ᠃ ᠲᠡᠷᠡ ᠬᠤᠷᠴᠠ ᠰᠡᠷᠭᠦᠯᠡᠩ ᠭᠤᠣᠯᠴᠢ ᠰᠢᠳᠣᠷᠭᠤ ᠪᠠᠶᠢᠭᠰᠠᠨ ᠢᠶᠠᠷ ᠳᠡᠮᠡᠢ ᠣᠳᠠᠭᠰᠠᠨ ᠦᠭᠡᠢ ᠴᠢ ᠶᠢᠨ ᠱᠠᠨ ᠤ ᠰᠢᠳᠠᠷ ᠬᠠᠮᠠᠭᠠᠯᠠᠭᠴᠢ ᠪᠣᠯᠵᠠᠢ᠃    1944 ᠤᠨ ᠤ 8 ᠰᠠᠷ᠎ᠠ ᠳᠤ ᠴᠢ ᠶᠢᠨ ᠱᠠᠨ ᠠᠴᠠ ᠱᠢ ᠢᠦᠢ ᠱᠠᠨ ᠵᠡᠷᠭᠡ 10 ᠬᠦᠮᠦᠨ ᠢ ᠳᠠᠭᠠᠭᠤᠯᠣᠨ ᠶᠠᠨ ᠠᠨ ᠳᠤ ᠬᠦᠷᠴᠦ ᠲᠣᠭᠤᠷᠢᠨ ᠦᠵᠡᠵᠦ ᠰᠣᠷᠣᠯᠴᠠᠭᠠᠳ᠂ ᠱᠢ ᠢᠦᠢ ᠱᠠᠨ ᠶᠠᠨ ᠠᠨ ᠳᠤ ᠦᠯᠡᠳᠡᠵᠦ ᠲᠦᠪ ᠤᠨ ᠨᠠᠮ ᠤᠨ ᠰᠣᠷᠭᠠᠭᠤᠯᠢ ᠶᠢᠨ ᠦᠨᠳᠦᠰᠦᠲᠡᠨ ᠤ ᠠᠩᠭᠢ ᠳᠤ ᠰᠣᠷᠣᠯᠴᠠᠭᠰᠠᠨ ᠪᠦᠭᠡᠳ ᠣᠷᠴᠢᠭᠤᠯᠣᠭᠴᠢ ᠶᠢᠨ ᠠᠵᠢᠯ ᠬᠢᠪᠡ᠃    1945 ᠤᠨ ᠤ ᠡᠬᠢ ᠪᠠᠷ ᠱᠢ ᠢᠦᠢ ᠱᠠᠨ ᠲᠦᠪ ᠤᠨ ᠨᠠᠮ ᠤᠨ ᠰᠣᠷᠭᠠᠭᠤᠯᠢ ᠠᠴᠠ ᠲᠡᠭᠦᠰᠴᠦ ᠦᠦᠰᠢᠨ ᠬᠤᠰᠢᠭᠤᠨ ᠳᠠᠭᠠᠨ ᠬᠠᠷᠢᠪᠠ᠃ 2 ᠰᠠᠷ᠎ᠠ ᠶᠢᠨ 16 ᠤ ᠡᠳᠦᠷ ᠪᠠᠷᠠᠭᠤᠨ ᠦᠦᠰᠢᠨ ᠤ ᠴᠡᠷᠢᠭ ᠵᠡᠭᠦᠨ ᠦᠦᠰᠢᠨ ᠤ ᠷᠠᠳᠨᠠᠪᠠᠨᠽᠠᠷ ᠤᠨ ᠴᠡᠷᠢᠭ ᠤᠨ ᠳᠠᠭᠠᠷᠢᠯᠲᠠ ᠳᠤ ᠣᠴᠠᠷᠠᠵᠤ ᠬᠤᠷᠢᠶᠠᠨ ᠳᠠᠷᠤᠭ᠎ᠠ ᠴᠢ  ᠶᠢᠨ ᠱᠠᠨ ᠵᠣᠯ ᠪᠣᠰᠣ ᠪᠠᠷ ᠦᠷᠡᠭᠳᠡᠪᠡ᠃ 3 ᠳ᠋ᠣᠭᠠᠷ ᠰᠠᠷ᠎ᠠ ᠳᠤ ᠴᠡᠷᠢᠭ ᠠᠩᠭᠢ ᠶᠢ ᠪᠠᠷᠠᠭᠤᠨ ᠦᠦᠰᠢᠨ ᠤ ᠠᠮᠣᠷ ᠢ ᠬᠠᠮᠠᠭᠠᠯᠠᠬᠤ ᠰᠧᠯᠢᠩᠪᠦ᠋ ᠪᠤᠯᠭᠠᠨ ᠦᠷᠭᠡᠳᠭᠡᠨ ᠪᠠᠶᠢᠭᠤᠯᠵᠣ᠂ ᠱᠢ ᠢᠦᠢ ᠱᠠᠨ ᠰᠡᠷᠭᠡᠶᠢᠯᠡᠨ  ᠬᠠᠮᠠᠭᠠᠯᠠᠬᠤ ᠰᠣᠮᠣᠨ ᠤ ᠳᠠᠷᠤᠭ᠎ᠠ ᠪᠠᠷ ᠳᠡᠪᠰᠢᠭᠦᠯᠦᠭᠳᠡᠪᠡ᠃ ᠬᠠᠳᠠᠭᠤ ᠪᠡᠷᠬᠡ ᠲᠡᠮᠡᠴᠡᠯ ᠤᠨ ᠣᠷᠴᠢᠨ ᠲᠣᠭᠤᠷᠢᠨ  ᠳᠤ ᠲᠡᠷᠡ ᠵᠣᠭᠰᠣᠯᠲᠠ ᠪᠠᠲᠣ ᠤᠪᠤᠷ ᠲᠣᠳᠣ ᠪᠠᠶᠢᠵᠣ᠂ ᠭᠠᠭᠴᠠᠬᠦ ᠳᠣᠮᠳᠠᠳᠣ ᠣᠯᠣᠰ ᠤᠨ ᠡᠪ ᠬᠠᠮᠲᠣ ᠨᠠᠮ ᠪᠤᠯ ᠰᠠᠶ᠋ᠢ ᠳᠣᠮᠳᠠᠳᠣ ᠣᠯᠣᠰ ᠤᠨ ᠠᠷᠠᠳ ᠲᠦᠮᠡᠨ  ᠢ ᠠᠪᠤᠷᠠᠵᠣ ᠴᠢᠳᠠᠨ᠎ᠠ ᠭᠡᠳᠡᠭ ᠢ ᠨᠡᠩ ᠲᠣᠳᠣᠷᠬᠠᠢ ᠲᠠᠨᠢᠭᠰᠠᠨ ᠪᠠᠶᠢᠪᠠ᠃ ᠲᠡᠷᠡ ᠨᠢᠭᠡᠨ ᠪᠣᠷᠣᠭᠵᠢᠭᠤᠨ ᠠᠩᠭᠢ ᠶᠢᠨ ᠬᠠᠶᠢᠷ᠎ᠠ ᠰᠡᠳᠭᠢᠯᠭᠡ ᠲᠠᠢ  ᠪᠠᠶᠢᠯᠳᠣᠭᠴᠢ ᠪᠠᠶᠢᠭᠰᠠᠨ ᠠᠴᠠ ᠪᠠᠨ ᠤᠬᠠᠮᠰᠠᠷᠠᠭᠰᠠᠨ ᠬᠤᠪᠢᠰᠬᠠᠯᠲᠣ ᠪᠠᠶᠢᠯᠳᠣᠭᠴᠢ ᠪᠤᠯᠤᠨ ᠬᠦᠮᠦᠵᠢᠭᠳᠡᠪᠡ᠃ ᠱᠢ ᠢᠦᠢ ᠱᠠᠨ ᠮᠣᠩᠭᠤᠯ ᠬᠢᠳᠠᠳ ᠬᠡᠯᠡᠨ ᠳᠤ ᠨᠡᠪᠲᠡᠷᠡᠵᠦ᠂ ᠲᠠᠷᠣᠣ ᠬᠢᠴᠢᠶᠡᠩᠭᠦᠢ ᠪᠣᠷᠣᠭᠵᠢᠭᠤᠨ ᠪᠦᠭᠡᠳ ᠪᠣᠰᠣᠳ ᠲᠤ ᠡᠶᠡᠯᠳᠡᠭ᠂ ᠦᠨᠡᠨᠴᠢ ᠬᠠᠨᠳᠣᠳᠠᠭ ᠠᠴᠠ ᠪᠠᠶᠢᠯᠳᠣᠭᠴᠢᠳ ᠤᠨ ᠳᠣᠮᠲᠠ ᠮᠠᠰᠢ ᠢᠳᠡᠭᠡᠯ ᠬᠦᠨᠳᠦ ᠲᠠᠢ ᠪᠠᠶᠢᠵᠣ᠂ ᠣᠳᠣᠷᠢᠳᠣᠯᠭ᠎ᠠ ᠪᠣᠯᠣᠨ ᠣᠯᠠᠨ ᠲᠦᠮᠡᠨ ᠤ ᠢᠳᠡᠭᠡᠯ ᠪᠢᠰᠢᠷᠡᠯ ᠢ ᠣᠯᠣᠭᠰᠠᠨ ᠪᠠᠶᠢᠪᠠ᠃ ᠲᠣᠰ ᠵᠢᠯ ᠤᠨ ᠵᠤᠨ᠂ ᠱᠢ ᠢᠦᠢ ᠱᠠᠨ ᠦᠩᠭᠡ ᠭᠡᠷᠡᠯᠲᠡᠢ ᠪᠠᠷ ᠳᠣᠮᠳᠠᠳᠣ ᠣᠯᠣᠰ ᠤᠨ ᠡᠪ ᠬᠠᠮᠲᠣ ᠨᠠᠮ ᠳᠤ ᠡᠯᠰᠡᠭᠳᠡᠵᠦ᠂ 1946 ᠣᠨ ᠤ 8 ᠰᠠᠷ᠎ᠠ ᠳᠤ ᠳᠣᠮᠳᠠᠳᠣ ᠣᠯᠣᠰ ᠤᠨ ᠡᠪ ᠬᠠᠮᠲᠣ ᠨᠠᠮ ᠤᠨ ᠦᠦᠰᠢᠨ ᠬᠤᠰᠢᠭᠤᠨ  ᠤ ᠠᠵᠢᠯᠯᠠᠬᠤ ᠬᠤᠷᠢᠶ᠎ᠠ ᠶᠢᠨ ᠬᠡᠰᠢᠭᠦᠨ ᠢᠶᠠᠷ ᠳᠡᠪᠰᠢᠭᠦᠯᠦᠭᠳᠡᠵᠡᠢ᠃ ᠲᠣᠰ ᠵᠢᠯ ᠤᠨ 10 ᠰᠠᠷ᠎ᠠ ᠳᠤ᠂ ︽ᠦᠯᠦᠩ ᠤᠨ ᠬᠡᠷᠡᠭ ᠬᠤᠪᠢᠰᠤᠯ︾ ᠡᠭᠦᠰᠴᠦ᠂ ᠳᠣᠮᠳᠠᠳᠣ ᠣᠯᠣᠰ ᠤᠨ ᠡᠪ ᠬᠠᠮᠲᠣ ᠨᠠᠮ ᠤᠨ ᠶᠡᠭᠡ ᠵᠤᠤ ᠠᠶᠢᠮᠠᠭ ᠤᠨ ᠠᠵᠢᠯᠯᠠᠬᠤ ᠬᠤᠷᠢᠶ᠎ᠠ᠂ ᠦᠦᠰᠢᠨ ᠬᠤᠰᠢᠭᠤᠨ ᠤ ᠠᠵᠢᠯᠯᠠᠬᠤ ᠬᠤᠷᠢᠶ᠎ᠠ ᠶᠢᠨ ᠠᠷᠪᠠᠭᠠᠳ ᠬᠦᠮᠦᠨ ᠮᠡᠬᠡᠯᠡᠭᠳᠡᠨ ᠪᠠᠷᠢᠪᠴᠢᠯᠠᠭᠳᠠᠵᠤ᠂ ᠡᠪ ᠬᠠᠮᠲᠣ ᠨᠠᠮ ᠤᠨ ᠦᠦᠰᠢᠨ ᠳᠠᠬᠢ ᠠᠵᠢᠯᠯᠠᠬᠤ ᠬᠤᠷᠢᠶ᠎ᠠ ᠶᠢᠨ ᠬᠤᠪᠢᠰᠬᠠᠯ ᠤᠨ ᠠᠵᠢᠯ ᠳᠤ ᠬᠦᠴᠢᠷ ᠪᠡᠷᠬᠡᠰᠢᠶᠡᠯ ᠲᠣᠯᠭᠠᠷᠠᠭᠰᠠᠨ ᠦᠶ᠎ᠡ ᠳᠤ ᠱᠢ ᠢᠦᠢ ᠱᠠᠨ ᠰᠡᠷᠭᠡᠶᠢᠯᠡᠨ ᠬᠠᠮᠠᠭᠠᠯᠠᠬᠤ ᠰᠣᠮᠣᠨ ᠤ ᠬᠡᠳᠦᠨ ᠪᠠᠶᠢᠯᠳᠣᠭᠴᠢ ᠪᠠᠨ ᠳᠠᠶᠢᠴᠢᠯᠠᠨ ᠦᠷᠭᠡᠨ ᠢᠶᠠᠷ ᠤᠬᠠᠭᠤᠯᠭ᠎ᠠ ᠬᠢᠨ᠂ ᠦᠵᠡᠯ ᠰᠠᠨᠠᠭ᠎ᠠ ᠣᠯᠣᠰ ᠲᠦᠷᠦ ᠶᠢᠨ ᠠᠵᠢᠯ ᠬᠢᠭᠰᠡᠨ ᠠᠴᠠ ᠰᠠᠨᠠᠭ᠎ᠠ ᠰᠡᠳᠭᠢᠯ ᠨᠢ ᠭᠤᠶᠢᠪᠢᠯᠵᠠᠵᠤ ᠪᠠᠶᠢᠭᠰᠠᠨ ᠴᠡᠷᠢᠭ ᠪᠠᠶᠢᠯᠳᠣᠭᠴᠢ ᠬᠦᠮᠦᠨ ᠠᠷᠠᠳ ᠳᠠᠬᠢᠨ ᠳᠣᠭᠳᠠᠪᠣᠷᠢᠵᠢᠵᠣ ᠡᠬᠢᠯᠡᠵᠡᠢ᠃ ᠳᠣᠮᠳᠠᠳᠣ ᠣᠯᠣᠰ ᠤᠨ ᠡᠪ ᠬᠠᠮᠲᠣ ᠨᠠᠮ ᠤᠨ ᠪᠠᠷᠠᠭᠤᠨ ᠬᠤᠶᠢᠲᠣ ᠶᠢᠨ ᠳᠣᠪᠴᠢᠶ᠎ᠠ᠂ ᠦᠦᠰᠢᠨ ᠬᠤᠰᠢᠭᠤᠨ ᠤ ᠠᠵᠢᠯ ᠢ ᠴᠢᠩᠭᠠᠳᠬᠠᠬᠤ ᠶᠢᠨ ᠲᠦᠯᠦᠭᠡ ᠬᠦᠨᠳᠦ ᠬᠤᠬᠢᠷᠠᠯ ᠭᠠᠷᠣᠭᠰᠠᠨ ᠦᠦᠰᠢᠨ ᠬᠤᠰᠢᠭᠤᠨ ᠤ ᠠᠵᠢᠯᠯᠠᠬᠤ ᠬᠤᠷᠢᠶ᠎ᠠ ᠶᠢ ᠴᠡᠭᠴᠡᠯᠡᠨ ᠲᠡᠭᠦᠯᠳᠡᠷᠵᠢᠭᠦᠯᠵᠦ᠂ ᠱᠢ ᠢᠦᠢ ᠱᠠᠨ ᠢ ᠠᠵᠢᠯᠯᠠᠬᠤ ᠬᠤᠷᠢᠶᠠᠨ ᠤ ᠬᠡᠰᠢᠭᠦᠨ ᠮᠦᠷᠲᠡᠭᠡᠨ ᠰᠡᠷᠭᠡᠶᠢᠯᠡᠨ ᠬᠠᠮᠠᠭᠠᠯᠠᠬᠤ ᠠᠩᠭᠢ ᠶᠢᠨ ᠳᠠᠷᠤᠭ᠎ᠠ  ᠪᠠᠷ ᠲᠣᠮᠢᠯᠠᠪᠠ᠃    1947 ᠤᠨ ᠤ 2 ᠰᠠᠷ᠎ᠠ ᠳᠤ᠂ ᠳᠣᠮᠳᠠᠳᠣ ᠣᠯᠣᠰ ᠤᠨ ᠡᠪ ᠬᠠᠮᠲᠣ ᠨᠠᠮ ᠤᠨ ᠪᠠᠷᠠᠭᠤᠨ ᠦᠦᠰᠢᠨ ᠤ ᠠᠮᠣᠷ ᠢ ᠬᠠᠮᠠᠭᠠᠯᠠᠬᠤ ᠰᠧᠯᠢᠩᠪᠦ᠋ ᠪᠠᠶᠢᠭᠤᠯᠣᠭᠳᠠᠵᠣ᠂ ᠱᠢ ᠢᠦᠢ ᠱᠠᠨ ᠬᠡᠰᠢᠭᠦᠨ ᠢᠶᠠᠷ ᠲᠤᠮᠢᠯᠠᠭᠳᠠᠪᠠ᠃ 3 ᠰᠠᠷ᠎ᠠ ᠶᠢᠨ 12 ᠤ ᠡᠳᠦᠷ᠂ ᠪᠠᠷᠠᠭᠤᠨ ᠦᠦᠰᠢᠨ ᠤ ᠵᠭᠡᠳᠦᠭᠡᠷ ᠶᠡᠭᠡ ᠠᠩᠭᠢ ᠶᠢᠨ ᠳᠠᠷᠤᠭ᠎ᠠ ᠲᠡᠮᠦᠷ ᠣᠷᠪᠠᠯᠭ᠎ᠠ ᠭᠠᠷᠭᠠᠵᠣ ᠳᠠᠶᠢᠰᠤᠨ ᠳᠤ ᠪᠠᠭᠤᠨ ᠦᠭᠴᠦ᠂ ᠪᠠᠷᠠᠭᠤᠨ ᠦᠦᠰᠢᠨ ᠤ ᠬᠤᠪᠢᠰᠬᠠᠯᠲᠣ ᠴᠡᠷᠢᠭ ᠠᠩᠭᠢ ᠶᠢ  ᠲᠤᠶᠢᠯ ᠤᠨ ᠠᠶᠣᠯ ᠲᠦᠭᠰᠢᠭᠦᠷᠢᠲᠡᠢ ᠪᠠᠶᠢᠳᠠᠯ  ᠳᠤ ᠣᠷᠣᠭᠤᠯᠣᠭᠰᠠᠨ ᠦᠶ᠎ᠡ ᠳᠤ ᠱᠢ ᠢᠦᠢ ᠱᠠᠨ ᠰᠡᠷᠭᠡᠶᠢᠯᠡᠨ ᠬᠠᠮᠠᠭᠠᠯᠠᠬᠤ ᠰᠣᠮᠣᠨ ᠤ ᠪᠠᠶᠢᠯᠳᠣᠭᠴᠢᠳ ᠢᠶᠠᠨ ᠳᠠᠭᠠᠭᠤᠯᠣᠨ ᠵᠢᠭᠰᠠᠭᠠᠯ ᠤᠨ ᠭᠠᠵᠡᠷ ᠢᠶᠠᠨ ᠡᠳᠦᠷ ᠰᠦᠨᠢ ᠦᠭᠡᠢ ᠰᠠᠬᠢᠨ ᠬᠠᠮᠠᠭᠠᠯᠠᠵᠣ᠂ ᠳᠠᠶᠢᠰᠣᠨ ᠤ ᠬᠠᠯᠳᠠᠨ ᠲᠦᠢᠪᠡᠭᠡᠬᠦ ᠶᠢ ᠰᠡᠷᠭᠡᠶᠢᠯᠡᠨ᠂ ᠦᠦᠰᠢᠨ ᠤ ᠠᠵᠢᠯᠯᠠᠬᠤ ᠬᠤᠷᠢᠶ᠎ᠠ ᠪᠣᠯᠣᠨ ᠰᠧᠯᠢᠩᠪᠦ᠋ ᠶᠢᠨ ᠠᠮᠣᠷ ᠲᠦᠪᠰᠢᠨ ᠢ ᠪᠠᠲᠣᠯᠠᠬᠤ ᠳᠤ ᠬᠤᠪᠢ ᠨᠡᠮᠡᠷᠢ ᠦᠵᠡᠭᠦᠯᠦᠭᠰᠡᠨ ᠪᠠᠶᠢᠨ᠎ᠠ᠃ 5 ᠰᠠᠷ᠎ᠠ ᠳᠤ᠂ ᠪᠠᠷᠠᠭᠤᠨ ᠦᠦᠰᠢᠨ ᠤ ᠴᠡᠷᠢᠭ ᠢ ᠶᠡᠭᠡ ᠵᠤᠤ ᠶᠢᠨ ᠴᠢᠭᠤᠯᠭᠠᠨ ᠤ ᠮᠣᠩᠭᠤᠯ ᠬᠢᠳᠠᠳ ᠰᠠᠯᠪᠣᠷᠢ ᠠᠩᠭᠢ ᠶᠢᠨ 2 ᠳ᠋ᠣᠭᠠᠷ ᠶᠡᠭᠡ ᠠᠩᠭᠢ ᠪᠤᠯᠭᠠᠨ ᠦᠭᠡᠷᠡᠴᠢᠯᠡᠨ ᠪᠠᠶᠢᠭᠤᠯᠵᠣ᠂ ᠱᠢ ᠢᠦᠢ ᠱᠠᠨ ᠢ ᠠᠩᠭᠢ ᠶᠢᠨ ᠳᠠᠷᠤᠭ᠎ᠠ ᠪᠠᠷ ᠲᠣᠮᠢᠯᠠᠵᠠᠢ᠃ 5 ᠰᠠᠷ᠎ᠠ ᠶᠢᠨ 20 ᠤ ᠡᠳᠦᠷ ᠵᠢᠩᠪᠢᠶᠠᠨ ᠤ ᠬᠢᠯᠢ ᠳᠤ ᠮᠣᠩᠭᠤᠯ ᠬᠢᠳᠠᠳ ᠰᠠᠯᠪᠣᠷᠢ ᠠᠩᠭᠢ ᠮᠠ ᠬᠤᠩ ᠺᠦᠢ ᠶᠢᠨ ᠴᠡᠷᠢᠭ ᠲᠠᠢ ᠰᠢᠷᠦᠭᠦᠨ ᠲᠣᠯᠣᠯᠳᠣᠭᠠᠨ ᠪᠣᠯᠵᠣ᠂ ᠱᠢ ᠢᠦᠢ ᠱᠠᠨ ᠰᠡᠷᠭᠡᠶᠢᠯᠡᠨ ᠬᠠᠮᠠᠭᠠᠯᠠᠬᠤ ᠠᠩᠭᠢ ᠪᠠᠨ ᠳᠠᠶᠢᠴᠢᠯᠠᠨ ᠳᠠᠶᠢᠰᠣᠨ ᠢ ᠬᠤᠷᠢᠭᠯᠠᠨ ᠴᠣᠬᠢᠬᠤ ᠪᠠᠶᠢᠯᠳᠣᠭᠠᠨ ᠳᠤ ᠡᠷᠡᠯᠬᠡᠭᠯᠡᠨ ᠣᠷᠣᠯᠴᠠᠪᠠ᠃ ᠶᠡᠷᠦᠩᠭᠡᠢ ᠳᠠᠭᠠᠷᠢᠯᠲᠠ ᠶᠠᠪᠣᠭᠤᠯᠬᠤ ᠳᠤ ᠲᠡᠷᠡ ᠠᠬ᠎ᠠ ᠳᠡᠭᠦᠦ ᠪᠠᠶᠢᠯᠳᠣᠭᠴᠢᠳ ᠲᠠᠢ ᠪᠠᠨ ᠬᠠᠮᠲᠣ ᠭᠠᠪᠰᠢᠭᠠᠶᠢᠯᠠᠨ ᠪᠠᠶᠢᠯᠳᠣᠵᠣ᠂ ᠳᠠᠶᠢᠰᠣᠨ ᠢ ᠴᠣᠬᠢᠨ ᠣᠬᠤᠷᠢᠭᠤᠯᠣᠭᠠᠳ ᠨᠠᠮ ᠤᠨ ᠲᠦᠪ ᠬᠤᠷᠢᠶ᠎ᠠ ᠪᠤᠯᠤᠨ ᠮᠠᠤ ᠲᠡᠷᠢᠭᠦᠯᠡᠭᠴᠢ ᠶᠢ ᠬᠠᠮᠠᠭᠠᠯᠠᠬᠤ ᠡᠭᠦᠷᠭᠡ ᠪᠠᠨ ᠢᠷᠠᠭᠤ ᠠᠯᠳᠠᠷᠲᠠᠢ ᠪᠠᠷ ᠪᠡᠶᠡᠯᠡᠭᠦᠯᠵᠡᠢ᠃ ᠵᠠᠯᠭᠠᠭᠠᠳ ᠱᠢ ᠢᠦᠢ ᠱᠠᠨ ᠪᠠᠰᠠ ᠮᠠ ᠬᠤᠩ ᠺᠦᠢ ᠶᠢᠨ ᠮᠣᠷᠢᠲᠣ ᠴᠡᠷᠢᠭ ᠢ ᠬᠤᠷᠢᠭᠯᠠᠨ ᠴᠣᠬᠢᠬᠤ ᠪᠠᠶᠢᠯᠳᠣᠭᠠᠨ ᠳᠤ ᠣᠷᠣᠯᠴᠠᠵᠣ᠂ ᠯᠠᠪᠠᠢ ᠠᠭᠤᠯᠠ᠂ ᠠᠰᠠᠷ  ᠤᠨ ᠬᠤᠭᠤᠯᠠᠢ᠂ ᠳ᠋ᠠ ᠱᠤ᠋ ᠸᠠᠨ᠂ ᠸᠠᠩ ᠶᠢᠩ ᠭᠦᠢ ᠴᠠᠶᠢᠵᠠ᠂ ᠯᠢ ᠹᠸᠢ ᠰᠢᠶᠠᠩ ᠴᠠᠶᠢᠵᠠ᠂ ᠨᠠᠷᠢᠨ᠂ ᠱᠠᠭᠳᠠᠷ ᠵᠡᠷᠭᠡ ᠭᠠᠵᠠᠷ ᠢᠶᠠᠷ ᠪᠠᠶᠢᠯᠳᠣᠭᠠᠨ ᠬᠢᠵᠦ᠂  ᠱᠢ ᠢᠦᠢ ᠱᠠᠨ ᠰᠣᠮᠣᠨ ᠤ ᠳᠡᠳ᠋ ᠵᠢᠭᠠᠨ ᠵᠢᠯᠣᠭᠤᠳᠣᠭᠴᠢ ᠶᠢᠨ ᠬᠤᠪᠢ ᠪᠠᠷ ᠡᠷᠡᠯᠭᠡᠭ ᠪᠠᠭᠠᠲᠣᠷᠯᠢᠭ ᠢᠶᠠᠷ ᠪᠠᠶᠢᠯᠳᠣᠵᠣ᠂ ᠨᠢᠭᠡᠨ ᠬᠤᠪᠢᠰᠬᠠᠯᠲᠣ ᠪᠠᠶᠢᠯᠳᠣᠭᠴᠢ ᠶᠢᠨ ᠪᠠᠭᠠᠲᠣᠷᠯᠢᠭ ᠴᠢᠨᠠᠷ ᠢᠶᠠᠨ ᠭᠦᠢᠴᠡᠳ ᠢᠯᠡᠷᠡᠭᠦᠯᠵᠡᠢ᠃    1948 ᠣᠨ ᠤ 9 ᠰᠠᠷ᠎ᠠ ᠶᠢᠨ 27 ᠤ ᠡᠳᠦᠷ᠂ ᠴᠢᠯᠦᠭᠡᠯᠡᠬᠦ ᠴᠡᠷᠢᠭ ᠤᠨ ᠭᠤᠷᠪᠠᠳᠤᠭᠠᠷ ᠪᠢᠩᠲ᠋ᠤᠸᠠᠨ ᠪᠡᠭᠡᠵᠢᠩ ᠠᠴᠠ ᠶᠡᠭᠡ ᠵᠤᠤ ᠠᠶᠢᠮᠠᠭ ᠲᠤ ᠪᠤᠴᠠᠬᠤ ᠵᠠᠮ ᠳᠠᠭᠠᠨ ᠦᠦᠰᠢᠨ ᠬᠤᠰᠢᠭᠤᠨ ᠤ ᠣᠷᠣᠯᠠᠭᠴᠢ ᠵᠠᠰᠠᠭ ᠪᠠᠶᠢᠭᠰᠠᠨ ᠷᠠᠳᠨᠠᠪᠠᠨᠽᠠᠷ ᠢ ᠠᠮᠢᠳᠤ ᠪᠠᠷ ᠪᠠᠷᠢᠪᠴᠢᠯᠠᠵᠣ᠂ ᠱᠢ ᠢᠦᠢ ᠱᠠᠨ᠂ ᠵᠠᠩ ᠪᠢᠩ ᠢ᠂ ᠴᠢ ᠰᠠᠮᠳᠠᠨ᠂ ᠰᠠᠳᠢᠪᠠᠶᠠᠷ ᠳᠦᠷᠪᠡᠭᠦᠯᠡ ᠶᠢ ᠲᠣᠮᠢᠯᠠᠨ ᠶᠠᠨ ᠠᠨ ᠳᠤ ᠬᠦᠷᠭᠡᠯᠭᠡᠪᠡ᠃ 7 ᠰᠠᠷ᠎ᠠ ᠳᠤ᠂ ᠶᠠᠨ ᠠᠨ ᠤ ᠵᠠᠬᠢᠷᠭ᠎ᠠ ᠠᠴᠠ ᠷᠠᠳᠨᠠᠪᠠᠨᠽᠠᠷ ᠢ ᠪᠤᠴᠠᠭᠠᠨ ᠲᠠᠯᠪᠢᠭᠰᠠᠨ ᠳᠤ᠂ ᠶᠡᠷᠦ ᠠᠴᠠ ᠪᠠᠨ ᠣᠷᠪᠠᠭ᠋ᠣ ᠰᠡᠳᠭᠢᠯ ᠢᠶᠠᠨ ᠲᠠᠶᠠᠭᠳᠠᠭᠰᠠᠨ ᠦᠭᠡᠢ ᠲᠡᠷᠡ 9 ᠰᠠᠷ᠎ᠠ ᠶᠢᠨ 21 ᠤ ᠰᠥᠨᠢ ᠬᠠᠭᠤᠴᠢᠨ ᠬᠠᠮᠰᠠᠭᠠᠲᠠᠨ ᠢᠶᠠᠨ ᠴᠤᠭᠯᠠᠭᠤᠯᠵᠤ᠂ ᠲᠠᠷᠠᠭ᠎ᠠ ᠡᠳᠦᠷ ᠤᠨ ᠬᠢᠨᠢ ᠬᠠᠷ᠎ᠠ ᠥᠷᠯᠥᠭᠡ ᠪᠠᠷ ᠬᠥᠮᠥᠨ ᠢ ᠰᠣᠴᠢᠭᠠᠮ᠎ᠠ ᠵᠡᠪᠰᠡᠭᠲᠦ ᠤᠷᠪᠠᠯᠭᠠᠨ ᠭᠠᠷᠭᠠᠪᠠ᠃ ᠦᠦᠰᠢᠨ ᠬᠤᠰᠢᠭᠤᠨ ᠤ ᠬᠤᠶᠠᠳᠤᠭᠠᠷ ᠰᠠᠯᠪᠤᠷᠢ ᠠᠩᠭᠢ ᠶᠢᠨ ᠳᠡᠳ᠋ ᠤᠯᠤᠰ ᠲᠦᠷᠦ ᠶᠢᠨ ᠭᠡᠰᠢᠭᠦᠨ ᠱᠢ ᠢᠦᠢ ᠱᠠᠨ ᠭᠡᠳᠡᠷᠬᠦ ᠳᠠᠭᠠᠷᠢᠯᠲᠠ ᠶᠢᠨ ᠳᠤᠮᠳᠠ ᠪᠠᠭᠠᠲᠤᠷᠯᠢᠭ ᠢᠶᠠᠷ ᠪᠡᠶ᠎ᠡ ᠦᠷᠡᠭᠳᠡᠪᠡ᠂ ᠲᠤᠬᠠᠢ ᠶᠢᠨ ᠦᠶ᠎ᠡ ᠳᠤ 27 ᠨᠠᠰᠤᠲᠠᠢ  ᠪᠠᠶᠢᠪᠠ᠃    ᠶᠡᠭᠡ ᠵᠤᠤ ᠠᠶᠢᠮᠠᠭ ᠤᠨ ᠴᠡᠷᠢᠭ ᠤᠨ ᠣᠳᠣᠷᠢᠳᠣᠯᠭ᠎ᠠ ᠠᠴᠠ ᠱᠢ ᠢᠦᠢ ᠱᠠᠨ ᠤ ᠨᠢᠭᠡ ᠨᠠᠰᠣ ᠶᠢ ᠦᠨᠡᠯᠡᠬᠦ ᠳᠤ ᠪᠠᠨ᠄ ︽ᠪᠠᠷᠠᠭᠤᠨ ᠦᠦᠰᠢᠨ ᠤ ᠴᠡᠷᠢᠭ  ᠠᠴᠠ ᠮᠣᠩᠭᠤᠯ ᠬᠢᠳᠠᠳ ᠰᠠᠯᠪᠣᠷᠢ ᠠᠩᠭᠢ ᠳᠤ ᠬᠦᠷᠲᠡᠯ᠎ᠡ᠂ ᠶᠡᠭᠡ ᠵᠤᠤ ᠠᠶᠢᠮᠠᠭ ᠤᠨ ᠰᠠᠯᠪᠣᠷᠢ ᠠᠩᠭᠢ ᠠᠴᠠ ᠶᠡᠭᠡ ᠵᠣᠣ ᠠᠶᠢᠮᠠᠭ ᠤᠨ ᠴᠡᠷᠢᠭ ᠤᠨ ᠲᠣᠭᠤᠷᠢᠭ ᠬᠦᠷᠲᠡᠯ᠎ᠡ᠂ ᠱᠢ ᠢᠦᠢ ᠱᠠᠨ ᠶᠡᠭᠡ ᠵᠣᠣ ᠠᠶᠢᠮᠠᠭ ᠤᠨ ᠴᠢᠯᠦᠭᠡᠯᠡᠯᠲᠡ ᠶᠢᠨ ᠳᠠᠶᠢᠨ ᠤ ᠪᠦᠬᠦ ᠶᠠᠪᠣᠴᠠ ᠶᠢ ᠦᠩᠭᠡᠷᠡᠭᠡᠪᠡ ᠁ ᠦᠪᠡᠷ ᠤᠨ ᠠᠯᠢᠪᠠ ᠪᠠᠨ ᠶᠡᠭᠡ ᠵᠤᠤ ᠠᠶᠢᠮᠠᠭ ᠤᠨ ᠠᠷᠠᠳ ᠲᠦᠮᠡᠨ ᠳᠤ ᠵᠣᠷᠢᠭᠤᠯᠵᠣ᠂ ᠳᠣᠮᠳᠠᠳᠣ ᠣᠯᠣᠰ ᠤᠨ ᠬᠤᠪᠢᠰᠬᠠᠯ ᠳᠤ ᠵᠣᠷᠢᠭᠤᠯᠪᠠ᠃︾ ︽ᠠᠷᠠᠳ ᠲᠦᠮᠡᠨ ᠤ ᠰᠠᠶᠢᠨ ᠬᠡᠦᠬᠡᠳ ᠳᠡᠭᠦᠦᠨᠡᠷ ᠮᠦᠨ᠂ ᠮᠦᠨᠴᠦ ᠶᠡᠭᠡ ᠵᠤᠤ ᠠᠶᠢᠮᠠᠭ ᠤᠨ ᠠᠷᠠᠳ ᠤᠨ ᠴᠢᠯᠦᠭᠡᠯᠡᠬᠦ ᠴᠡᠷᠢᠭ ᠲᠠᠬᠢ ᠶᠡᠭᠡ ᠵᠣᠣ ᠠᠶᠢᠮᠠᠭ ᠤᠨ ᠪᠠᠷᠠᠭᠤᠨ ᠪᠡᠶ᠎ᠡ ᠠᠴᠠ ᠵᠡᠭᠦᠨ ᠪᠡᠶ᠎ᠡ ᠬᠦᠷᠲᠡᠯ᠎ᠡ ᠴᠣᠬᠢᠵᠣ᠂ ᠠᠷᠠᠳ ᠤᠨ ᠵᠠᠰᠠᠭ ᠤᠨ ᠡᠷᠭᠡ ᠶᠢ ᠪᠠᠶᠢᠭᠤᠯᠬᠤ᠂ ᠪᠦᠭᠦᠶᠢᠯᠡ ᠣᠷᠳᠣᠰ ᠢ ᠴᠢᠯᠦᠭᠡᠯᠡᠬᠦ ᠶᠢᠨ ᠲᠦᠯᠦᠭᠡ ᠪᠠᠯᠠᠷᠠᠰᠢ ᠦᠭᠡᠢ ᠭᠠᠪᠢᠶ᠎ᠠ ᠵᠢᠳᠬᠦᠯ ᠦᠵᠡᠭᠦᠯᠦᠭᠰᠡᠨ ᠠᠷᠠᠳ ᠤᠨ ᠪᠠᠭᠠᠲᠣᠷ ᠮᠦᠨ︾ ᠭᠡᠵᠡᠢ᠃               ︵ᠡᠬᠡ ᠪᠢᠴᠢᠭ ᠢ ᠳ᠋ᠦᠩᠱᠧᠩ ᠤᠨ ᠦᠷᠡᠭᠳᠡᠭᠰᠡᠨ ᠪᠠᠭᠠᠲᠣᠷᠴᠣᠳ ᠤᠨ ᠣᠩᠭᠤᠨ ᠤ ᠬᠠᠮᠠᠭᠠᠯᠠᠯᠲᠠ ᠶᠢᠨ ᠭᠠᠵᠠᠷ ᠠᠴᠠ ᠬᠠᠩᠭᠠᠪᠠ︶ 
ᠢᠷᠡᠯᠲᠡ᠄ ᠳᠤᠰ ᠰᠦᠯᠵᠢᠶ᠎ᠡ