ᠯᠢᠦ ᠸᠧᠨ ᠪᠢᠨ ︵1917 —1951︶
ᠨᠡᠶᠢᠲᠡᠯᠡᠭᠰᠡᠨ ᠴᠠᠭ᠄
2023/7/14
    ᠡᠷᠡᠭᠲᠡᠢ᠂ ᠬᠢᠲᠠᠳ ᠦᠨᠳᠦᠰᠦᠲᠡᠨ᠂ 1917 ᠣᠨ ᠳᠤ ᠣᠲᠤᠭ ᠬᠤᠰᠢᠭᠤᠨ ᠤ ᠭᠦᠨᠴᠢᠷᠭ᠎ᠠ ᠳᠤ ᠲᠦᠷᠦᠵᠡᠢ᠃    1935 ᠣᠨ ᠳᠤ ᠨᠠᠮ ᠠᠴᠠ ᠲᠣᠭᠤᠷᠢᠮ ᠤᠨ ᠰᠠᠭᠤᠷᠢᠨ ᠭᠠᠵᠠᠷ ᠢ ᠪᠠᠶᠢᠭᠤᠯᠵᠤ ᠡᠬᠢᠯᠡᠪᠡ᠃ ᠨᠠᠮ ᠤᠨ ᠨᠢᠭᠤᠴᠠ ᠬᠡᠰᠢᠭᠦᠨ ᠶᠠᠩ ᠽᠢ ᠬᠤᠸᠠ ᠲᠣᠭᠤᠷᠢᠮ  ᠤᠨ ᠰᠣᠷᠭᠠᠭᠤᠯᠢ ᠶᠢᠨ ᠪᠠᠭᠰᠢ ᠪᠠᠷ ᠬᠠᠯᠬᠠᠪᠴᠢ ᠪᠤᠯᠭᠠᠵᠤ᠂ ᠰᠣᠷᠣᠭᠴᠢᠳ ᠤᠨ ᠳᠣᠮᠳᠠ ᠮᠠᠷᠺᠰ ᠯᠧᠨᠢᠨ ᠤ ᠦᠵᠡᠯ ᠪᠤᠯᠤᠨ ᠡᠬᠡ ᠣᠷᠣᠨᠴᠢ ᠦᠵᠡᠯ ᠰᠠᠨᠠᠭ᠎ᠠ ᠶᠢ ᠢᠳᠡᠪᠬᠢᠲᠠᠢ ᠤᠬᠠᠭᠤᠯᠵᠣ ᠪᠠᠶᠢᠪᠠ᠃ ᠯᠢᠦ ᠸᠧᠨ ᠪᠢᠨ ᠵᠡᠷᠭᠡ ᠳᠡᠭᠡᠳᠦ ᠣᠨ ᠤ ᠰᠣᠷᠣᠭᠴᠢᠳ ᠶᠠᠩ ᠽᠢ ᠬᠤᠸᠠ ᠪᠠᠭᠰᠢ ᠶᠢᠨ ᠰᠣᠷᠭᠠᠨ ᠬᠦᠮᠦᠵᠢᠯ᠂ ᠣᠬᠠᠭᠤᠯᠭ᠎ᠠ ᠣᠷᠢᠶᠠᠯᠭ᠎ᠠ ᠳᠣᠣᠷ᠎ᠠ ᠠᠯᠬᠤᠮ ᠠᠯᠬᠤᠮ ᠢᠶᠠᠷ ᠦᠵᠡᠯ ᠣᠬᠠᠮᠰᠠᠷ ᠨᠢ ᠳᠡᠭᠡᠭᠰᠢᠯᠡᠵᠦ᠂ ᠬᠠᠮᠲᠣ ᠨᠦᠬᠦᠳ ᠲᠠᠢ ᠪᠠᠨ ᠡᠷᠲᠡᠨ ᠤ ᠲᠡᠦᠬᠡ ᠡᠳᠦᠭᠡ ᠶᠢᠨ ᠴᠠᠭ ᠤᠨ ᠪᠠᠶᠢᠳᠠᠯ ᠢ ᠶᠠᠷᠢᠯᠴᠠᠵᠤ᠂ ᠬᠤᠪᠢᠰᠬᠠᠯ ᠤᠨ ᠦᠵᠡᠯ ᠣᠬᠠᠮᠰᠠᠷ ᠨᠢ ᠠᠭᠠᠵᠢᠮ ᠢᠶᠠᠷ ᠬᠦᠪᠦᠷᠡᠵᠦ᠂ ᠬᠤᠪᠢᠰᠬᠠᠯ ᠤᠨ ᠦᠨᠡᠨ ᠶᠣᠰᠣ ᠶᠢ ᠡᠷᠢᠯᠬᠢᠯᠡᠵᠦ ᠡᠬᠢᠯᠡᠪᠡ᠃    ᠶᠠᠫᠤᠨ ᠢ ᠡᠰᠡᠷᠭᠦᠴᠡᠬᠦ ᠳᠠᠶᠢᠨ ᠡᠭᠦᠰᠦᠭᠰᠡᠨ ᠤ ᠳᠠᠷᠠᠭ᠎ᠠ ᠨᠠᠮ ᠠᠴᠠ ᠲᠣᠭᠤᠷᠢᠮ ᠳᠤ ᠶᠠᠫᠤᠨ ᠢ ᠡᠰᠡᠷᠭᠦᠴᠡᠬᠦ ᠦᠨᠳᠦᠰᠦᠲᠡᠨ ᠤ ᠨᠢᠭᠡᠳᠦᠮᠡᠯ ᠹᠷᠦᠨᠲ ᠢ ᠪᠠᠶᠢᠭᠤᠯᠣᠭᠰᠠᠨ ᠪᠦᠭᠡᠳ ᠶᠠᠫᠤᠨ ᠢ ᠡᠰᠡᠷᠭᠦᠴᠡᠬᠦ ᠳᠠᠶᠢᠴᠢᠯᠠᠯᠲᠠ ᠶᠢᠨ ᠺᠣᠮᠢᠰ ᠢ ᠪᠠᠶᠢᠭᠤᠯᠵᠣ᠂ ᠯᠢᠦ ᠸᠧᠨ ᠪᠢᠨ ᠳᠠᠶᠢᠴᠢᠯᠠᠯᠲᠠ ᠶᠢᠨ ᠺᠤᠮᠢᠰ ᠲᠤ ᠢᠳᠡᠪᠬᠢᠲᠠᠢ ᠣᠷᠣᠯᠴᠠᠵᠣ᠂ ᠨᠠᠮ ᠤᠨ ᠣᠳᠣᠷᠢᠳᠣᠯᠭ᠎ᠠ ᠳᠣᠣᠷ᠎ᠠ᠂ ᠶᠠᠫᠤᠨ ᠢ ᠡᠰᠡᠷᠭᠦᠴᠡᠨ ᠣᠯᠣᠰ ᠢᠶᠠᠨ ᠠᠪᠤᠷᠠᠬᠤ ᠶᠣᠰᠣ ᠤᠴᠢᠷ ᠢ ᠢᠳᠡᠪᠬᠢᠲᠠᠢ ᠣᠬᠠᠭᠤᠯᠣᠨ᠂ ᠣᠯᠠᠨ ᠲᠦᠮᠡᠨ ᠢ ᠳᠠᠶᠢᠴᠢᠯᠠᠨ ᠶᠠᠫᠤᠨ ᠢ ᠡᠰᠡᠷᠭᠦᠴᠡᠬᠦ ᠲᠡᠮᠡᠴᠡᠯ ᠳᠤ ᠣᠷᠣᠯᠴᠠᠭᠤᠯᠪᠠ᠃   1938 ᠤᠨ ᠤ 8 ᠰᠠᠷ᠎ᠠ ᠠᠴᠠ 9 ᠰᠠᠷ᠎ᠠ ᠪᠤᠯᠳᠠᠯ᠎ᠠ᠂ ᠨᠠᠮ ᠤᠨ ᠲᠦᠪ ᠬᠤᠷᠢᠶᠠᠨ ᠠᠴᠠ ︽ᠪᠠᠷᠠᠭᠤᠨ ᠬᠤᠶᠢᠲᠤ ᠶᠢᠨ ᠵᠠᠯᠠᠭᠤᠴᠣᠳ ᠤᠨ ᠣᠯᠣᠰ ᠢᠶᠠᠨ ᠠᠪᠣᠷᠠᠬᠤ ᠲᠦᠯᠦᠭᠡᠯᠡᠭᠴᠢᠳ ᠤᠨ ᠶᠡᠭᠡ ᠬᠤᠷᠠᠯ︾ ᠢ ᠬᠤᠷᠠᠯᠳᠣᠭᠤᠯᠵᠠᠢ᠃ ᠶᠡᠭᠡ ᠵᠤᠤ ᠠᠶᠢᠮᠠᠭ ᠤᠨ ᠠᠵᠢᠯᠯᠠᠬᠤ ᠬᠤᠷᠢᠶ᠎ᠠ ᠠᠴᠠ ᠬᠤᠤ ᠸᠧᠨ ᠭᠤᠸᠠᠩ᠂ ᠯᠢᠦ ᠸᠧᠨ ᠪᠢᠨ᠂ ᠬᠠᠩ ᠱᠤ᠋ ᠴᠢᠩ ᠭᠤᠷᠪᠠᠭᠤᠯᠠ ᠶᠢ ᠲᠤᠮᠢᠯᠠᠵᠤ᠂ ᠶᠡᠭᠡ ᠵᠤᠤ ᠠᠶᠢᠮᠠᠭ ᠤᠨ ᠵᠠᠯᠠᠭᠤᠴᠣᠳ ᠢ ᠲᠦᠯᠦᠭᠡᠯᠡᠨ᠂ ᠵᠠᠯᠠᠭᠤᠴᠣᠳ ᠤᠨ ᠣᠯᠣᠰ ᠢᠶᠠᠨ ᠠᠪᠣᠷᠠᠬᠤ ᠬᠤᠷᠠᠯ ᠤᠨ ᠱᠦᠵᠢ ᠪᠠᠢ ᠴᠧᠩ ᠮᠢᠩ ᠤᠨ ᠳᠠᠭᠠᠭᠤᠯᠭ᠎ᠠ ᠳᠣᠣᠷ᠎ᠠ ᠶᠠᠨ ᠠᠨ ᠳᠤ ᠬᠦᠷᠴᠦ ᠬᠤᠷᠠᠯ ᠳᠤ ᠣᠷᠣᠯᠴᠠᠭᠤᠯᠪᠠ᠃   1949 ᠣᠨ ᠤ ︽9 ·19︾ ᠳᠤ ᠰᠦᠢᠶᠤᠸᠠᠨ ᠨᠠᠶᠢᠷᠠᠮᠳᠠᠯ ᠢᠶᠠᠷ ᠴᠢᠯᠦᠭᠡᠯᠡᠭᠳᠡᠭᠰᠡᠨ ᠤ ᠳᠠᠷᠠᠭ᠎ᠠ᠂ ᠨᠠᠮ  ᠠᠴᠠ ᠲᠣᠭᠤᠷᠢᠮ ᠤᠨ ᠬᠡᠷᠡᠭ ᠡᠷᠬᠢᠯᠡᠬᠦ ᠭᠠᠵᠠᠷ  ᠢ ᠬᠦᠯᠢᠶᠡᠨ ᠠᠪᠴᠣ ᠬᠠᠮᠢᠶᠠᠷᠣᠭᠠᠳ᠂ ᠲᠣᠭᠤᠷᠢᠮ ᠤᠨ ᠭᠤᠤᠯᠳᠠᠯᠭᠠᠲᠣ ᠨᠠᠮ ᠤᠨ ᠬᠤᠷᠢᠶ᠎ᠠ ᠶᠢ ᠪᠠᠶᠢᠭᠤᠯᠪᠠ᠃      1950 ᠣᠨ ᠤ 4 ᠰᠠᠷ᠎ᠠ ᠶᠢᠨ ᠰᠡᠭᠦᠯᠴᠢ ᠪᠠᠷ ᠯᠢᠦ ᠸᠧᠨ ᠪᠢᠨ ᠯᠢ ᠰᠢ ᠴᠠᠩ ︵ᠲᠣᠭᠤᠷᠢᠮ ᠤᠨ ᠭᠤᠤᠯᠳᠠᠯᠭᠠᠲᠣ ᠨᠠᠮ ᠤᠨ ᠬᠤᠷᠢᠶ᠎ᠠ ᠶᠢᠨ ᠵᠣᠬᠢᠶᠠᠨ ᠪᠠᠶᠢᠭᠤᠯᠬᠤ ᠬᠡᠯᠲᠡᠰ ᠤᠨ ᠳᠠᠷᠤᠭ᠎ᠠ︶᠂ ᠭᠤᠣ ᠸᠠᠨ ᠷᠧᠨ ︵ᠲᠣᠭᠤᠷᠢᠮ ᠤᠨ ᠭᠤᠣᠯᠳᠠᠯᠭᠠᠲᠣ ᠨᠠᠮ ᠤᠨ ᠬᠤᠷᠢᠶ᠎ᠠ ᠶᠢᠨ ᠵᠤᠬᠢᠶᠠᠨ ᠪᠠᠶᠢᠭᠤᠯᠬᠤ ᠬᠡᠯᠲᠡᠰ ᠤᠨ ᠠᠵᠢᠯᠲᠠᠨ︶ ᠤ ᠲᠠᠨᠢᠯᠴᠠᠭᠤᠯᠭ᠎ᠠ ᠪᠠᠷ᠂ ᠢᠷᠠᠭᠤ ᠠᠯᠳᠠᠷᠲᠠᠢ ᠪᠠᠷ ᠳᠣᠮᠳᠠᠳᠣ ᠣᠯᠣᠰ ᠤᠨ ᠡᠪ ᠬᠠᠮᠲᠣ ᠨᠠᠮ ᠳᠤ ᠣᠷᠣᠪᠠ᠃ ᠳᠡᠮᠡᠢ ᠤᠳᠠᠭᠰᠠᠨ ᠦᠭᠡᠢ᠂ ᠲᠣᠭᠤᠷᠢᠮ ᠤᠨ ᠭᠤᠣᠯᠳᠠᠯᠭᠠᠲᠣ ᠨᠠᠮ ᠤᠨ ᠬᠤᠷᠢᠶ᠎ᠠ ᠠᠴᠠ ᠯᠢᠦ ᠸᠧᠨ ᠪᠢᠨ ᠢ ᠲᠣᠭᠤᠷᠢᠮ ᠤᠨ ᠭᠤᠷᠪᠠᠳᠣᠭᠠᠷ ᠲᠣᠭᠤᠷᠢᠭ ᠤᠨ ᠳᠡᠳ᠋ ᠳᠠᠷᠤᠭ᠎ᠠ ᠪᠦᠭᠡᠳ ᠳᠣᠳᠣᠭᠠᠳᠣ  ᠶᠢ ᠬᠠᠮᠠᠭᠠᠯᠠᠬᠤ ᠲᠣᠰᠬᠠᠢ ᠲᠣᠮᠢᠯᠠᠭᠰᠠᠨ ᠬᠡᠰᠢᠭᠦᠨ ᠢᠶᠠᠷ ᠲᠣᠮᠢᠯᠠᠪᠠ᠃    1950 ᠤᠨ ᠤ ᠵᠢᠯ ᠤᠨ ᠡᠴᠦᠰ ᠲᠤ ᠤᠤᠯ ᠤᠨ ᠣᠲᠤᠭ ᠬᠤᠰᠢᠭᠤᠨ ᠤ ᠠᠮᠤᠷ ᠢ ᠬᠠᠮᠠᠭᠠᠯᠠᠬᠤ ᠰᠧᠯᠢᠩ ᠴᠢ · ᠮᠦᠩᠭᠡ᠂ ᠳᠡᠳ᠋ ᠰᠧᠯᠢᠩ ᠯᠢᠦ ᠪᠤᠤ ᠼᠠᠢ ᠬᠤᠪᠢᠰᠬᠠᠯ ᠤᠨ ᠡᠰᠡᠷᠭᠦᠦ ᠣᠷᠪᠠᠯᠭᠠᠨ ᠭᠠᠷᠭᠠᠵᠤ᠂   ᠠᠯᠳᠠᠭᠰᠠᠨ ᠡᠷᠬᠡ ᠪᠠᠨ ᠳᠠᠬᠢᠨ ᠰᠡᠷᠭᠦᠭᠡᠵᠦ᠂ ᠣᠲᠤᠭ ᠬᠤᠰᠢᠭᠤ ᠶᠢ ᠳᠠᠬᠢᠨ ᠨᠣᠶᠠᠷᠬᠠᠬᠤ ᠪᠠᠷ ᠣᠷᠣᠯᠳᠣᠪᠠ᠃ 1951 ᠤᠨ ᠤ 1 ᠰᠠᠷ᠎ᠠ ᠶᠢᠨ 30 ᠤ ᠡᠳᠦᠷ ᠣᠷᠪᠠᠭᠰᠠᠨ ᠳᠡᠭᠡᠷᠡᠮ ᠤᠳ ᠭᠦᠨᠴᠢᠷᠭ᠎ᠠ ᠳᠤ ᠬᠦᠷᠴᠦ᠂ ᠨᠤᠲᠤᠭ ᠤᠨ ᠵᠠᠬᠢᠷᠭ᠎ᠠ ᠳᠤ ᠬᠦᠮᠦᠨ ᠪᠠᠶᠢᠬᠤ ᠦᠭᠡᠢ ᠶᠢ ᠳᠠᠯᠢᠮᠳᠠᠭᠤᠯᠣᠨ ᠯᠢᠦ ᠸᠧᠨ ᠪᠢᠨ᠂ ᠸᠠᠩ ᠽᠧᠩ ᠱᠧᠩ ᠵᠡᠷᠭᠡ ᠨᠦᠬᠦᠳ ᠢ ᠪᠠᠷᠢᠪᠴᠢᠯᠠᠭᠠᠳ ᠭᠦᠨᠴᠢᠷᠭ᠎ᠠ ᠶᠢᠨ ᠵᠠᠰᠠᠭ ᠤᠨ ᠣᠷᠳᠣᠨ ᠢ ᠡᠵᠡᠷᠬᠡᠪᠡ᠃   ᠣᠲᠤᠭ ᠬᠤᠰᠢᠭᠤᠨ ᠤ ᠵᠠᠰᠠᠭ ᠤᠨ ᠣᠷᠳᠣᠨ ᠠᠴᠠ ᠡᠨᠡ ᠪᠠᠶᠢᠳᠠᠯ ᠢ ᠲᠣᠬᠠᠢ ᠶᠢᠨ ᠦᠶ᠎ᠡ ᠶᠢᠨ ᠳᠡᠭᠡᠷᠡᠮ ᠢ ᠣᠰᠠᠳᠬᠠᠬᠤ ᠴᠡᠷᠢᠭ ᠠᠩᠭᠢ ᠮᠣᠷᠢᠲᠣ ᠴᠡᠷᠢᠭ ᠤᠨ ᠲᠠᠪᠣᠳᠣᠭᠠᠷ ᠳ᠋ᠢᠸᠢᠽᠢ ᠳᠤ ᠮᠡᠳᠡᠭᠦᠯᠦᠭᠰᠡᠨ ᠳᠤ᠂ ᠮᠣᠷᠢᠲᠣ ᠴᠡᠷᠢᠭ ᠤᠨ ᠲᠠᠪᠣᠳᠣᠭᠠᠷ ᠳ᠋ᠢᠸᠢᠽᠢ ᠶᠢᠨ ᠴᠡᠷᠢᠭ ᠠᠩᠭᠢ ᠳᠠᠷᠣᠶᠢᠬᠠᠨ ᠮᠣᠷᠳᠠᠵᠣ ᠳᠡᠭᠡᠷᠡᠮ ᠤᠳ ᠢ ᠨᠡᠬᠡᠮᠵᠢᠯᠡᠪᠡ᠃ ᠳᠡᠭᠡᠷᠡᠮᠴᠢᠳ ᠮᠣᠷᠢᠲᠣ ᠴᠡᠷᠢᠭ ᠤᠨ ᠲᠠᠪᠣᠳᠣᠭᠠᠷ ᠳ᠋ᠢᠸᠢᠽᠢ ᠶᠢᠨ ᠨᠡᠬᠡᠮᠵᠢᠯᠡᠯ ᠠᠴᠠ ᠠᠮᠢ ᠳᠠᠯᠪᠢᠨ ᠵᠢᠭᠤᠳᠠᠵᠣ᠂ ᠲᠣᠳᠠᠭᠠᠨ ᠶᠠᠪᠣᠬᠤ ᠵᠠᠮ ᠳᠤ ᠪᠠᠨ ᠯᠢᠦ ᠸᠧᠨ ᠪᠢᠨ᠂ ᠸᠠᠩ ᠽᠧᠩ ᠱᠧᠩ ᠨᠠᠷ ᠢ ᠫᠤᠤᠳᠠᠨ ᠠᠯᠠᠵᠠᠢ᠃ ᠡᠶᠢᠨᠬᠦ ᠬᠤᠪᠢᠰᠬᠠᠯ ᠤᠨ ᠴᠢᠩ ᠵᠣᠷᠢᠭᠳᠠᠨ ᠯᠢᠦ ᠸᠧᠨ ᠪᠢᠨ ᠣᠷᠪᠠᠭᠴᠢ ᠳᠡᠭᠡᠷᠡᠮ ᠤᠨ ᠫᠤᠤ ᠶᠢᠨ ᠳᠣᠣᠷ᠎ᠠ ᠬᠠᠶᠢᠷᠠᠨ ᠠᠮᠢ ᠪᠠᠨ ᠠᠯᠳᠠᠪᠠ᠃ ᠮᠣᠷᠢᠲᠣ ᠴᠡᠷᠢᠭ ᠤᠨ ᠲᠠᠪᠣᠳᠣᠭᠠᠷ ᠳ᠋ᠢᠸᠢᠽᠢ ᠳᠡᠭᠡᠷᠡᠮᠴᠢᠳ ᠢ ᠨᠡᠬᠡᠨ ᠳᠣᠪᠳᠣᠯᠵᠣ ᠪᠦᠬᠦᠨ ᠢ ᠨᠢ ᠪᠦᠰᠡᠯᠡᠨ ᠣᠰᠠᠳᠬᠠᠵᠣ᠂ ᠦᠷᠡᠭᠳᠡᠭᠰᠡᠨ ᠬᠤᠪᠢᠰᠬᠠᠯᠴᠢᠳ ᠲᠤ ᠦᠰᠢᠶ᠎ᠡ ᠬᠤᠷᠣᠰᠤᠯ ᠢ ᠨᠢ ᠠᠪᠴᠤ ᠦᠭᠴᠡᠢ᠃( ᠡᠬᠡ ᠪᠢᠴᠢᠭ ᠢ ᠳ᠋ᠦᠩᠱᠧᠩ ᠤᠨ ᠦᠷᠡᠭᠳᠡᠭᠰᠡᠨ ᠪᠠᠭᠠᠳᠣᠷᠴᠣᠳ ᠤᠨ ᠣᠩᠭᠤᠨ ᠤ ᠬᠠᠮᠠᠭᠠᠯᠠᠯᠲᠠ ᠶᠢᠨ ᠭᠠᠵᠠᠷ ᠠᠴᠠ ᠬᠠᠩᠭᠠᠪᠠ )  
ᠢᠷᠡᠯᠲᠡ᠄ ᠳᠤᠰ ᠰᠦᠯᠵᠢᠶ᠎ᠡ