| ᠯᠢ ᠱᠢ ᠴᠠᠩ ᠮᠤᠩᠭᠤᠯ ᠦᠨᠳᠤᠰᠤᠳᠠᠨ᠂ ᠲᠦᠮᠡᠳ ᠬᠤᠰᠢᠭᠤᠨ ᠤ ᠬᠦᠮᠦᠨ᠃ 1938 ᠤᠨ ᠤ ᠡᠪᠤᠯ᠂ ᠨᠠᠢᠮᠠᠳᠤᠭᠠᠷ ᠵᠠᠮ ᠤᠨ ᠴᠡᠷᠢᠭ ᠤᠨ ᠲᠠᠯᠠᠨ | ᠬᠠᠷ᠎ᠠ ᠠᠭᠤᠯᠠᠨ ᠤ ᠫᠠᠷᠲ᠋ᠢᠽᠠᠨ ᠰᠧᠯᠢᠩᠪᠦ᠋ ᠠᠴᠠ ᠵᠢᠶᠠᠨ ᠯᠢ ᠭᠸᠡᠭ᠂ ᠺᠦᠢ ᠪᠢ ᠵᠡᠷᠭᠡ ᠶᠢ ᠲᠦᠮᠡᠳ ᠤᠨ ᠲᠠᠯ᠎ᠠ ᠨᠤᠳᠤᠭ ᠲᠤ ᠲᠤᠮᠢᠯᠠᠵᠤ᠂ ᠶᠠᠫᠤᠨ ᠢ ᠡᠰᠡᠷᠬᠦᠴᠡᠨ | ᠤᠯᠤᠰ ᠢᠶᠠᠨ ᠠᠪᠤᠷᠠᠬᠤ ᠶᠢ ᠤᠬᠠᠭᠤᠯᠵᠤ᠂ ᠤᠯᠠᠨ ᠲᠦᠮᠡᠨ ᠢ ᠲᠠᠶᠢᠴᠢᠯᠠᠨ᠂ ᠵᠡᠪᠰᠡᠭᠳᠤ ᠬᠦᠴᠦᠨ ᠢ ᠵᠤᠬᠢᠶᠠᠨ ᠪᠠᠶᠢᠭᠤᠯᠵᠤ ᠫᠠᠷᠲ᠋ᠢᠽᠠᠨ ᠲᠡᠮᠡᠴᠡᠯ ᠢ ᠦᠷᠨᠢᠬᠦᠯᠵᠡᠢ᠃ | ᠯᠢ ᠱᠢ ᠴᠠᠩ ᠨᠠᠮ ᠤᠨ ᠤᠷᠢᠶᠠᠯᠠᠭ᠎ᠠ ᠶᠢ ᠲᠠᠭᠠᠵᠤ᠂ ᠶᠦᠨ ᠵᠤᠤ ᠭᠤᠸᠠᠩ᠂ ᠯᠢ ᠸᠧᠨ ᠵᠢᠩ ᠵᠡᠷᠭᠡ ᠬᠤᠷᠢ ᠭᠠᠷᠤᠢ ᠮᠤᠩᠭᠤᠯ ᠵᠠᠯᠠᠭᠤᠴᠤᠳ ᠲᠠᠢ ᠬᠠᠮᠳᠤ ᠪᠠᠷ | ᠫᠠᠷᠲ᠋ᠢᠽᠠᠨ ᠠᠩᠬᠢ ᠳᠤ ᠤᠷᠤᠪᠠ᠃ | 1939 ᠤᠨ ᠳᠤ᠂ ᠯᠢ ᠱᠢ ᠴᠠᠩ ᠶᠠᠨ ᠠᠨ ᠳᠠᠬᠢ ᠱᠠᠨᠪᠸᠢ ᠶᠢᠨ ᠠᠯᠪᠠᠨ ᠤ ᠰᠤᠷᠭᠠᠭᠤᠯᠢ ᠳᠤ ᠬᠦᠷᠭᠡᠭᠳᠡᠨ ᠰᠤᠷᠤᠯᠴᠠᠵᠠᠢ᠃ 1941 ᠤᠨ ᠳᠤ ᠯᠢ ᠱᠢ | ᠴᠠᠩ ᠦᠨᠳᠤᠰᠤᠳᠠᠨ ᠤ ᠲᠡᠭᠡᠳᠤ ᠰᠤᠷᠭᠠᠭᠤᠯᠢ ᠶᠢᠨ ᠨᠢᠭᠡᠳᠤᠭᠡᠷ ᠠᠩᠬᠢ ᠳᠤ ᠰᠢᠯᠵᠢᠨ ᠤᠷᠤᠵᠤ ᠰᠤᠷᠤᠯᠴᠠᠵᠤ᠂ ᠰᠤᠷᠤᠯᠭ᠎ᠠ ᠶᠢᠨ ᠬᠢᠷᠢ ᠪᠦᠳᠦᠮᠵᠢ ᠨᠢ ᠦᠷᠬᠦᠯᠵᠢ | ᠤᠷᠤᠶᠢᠯᠠᠳᠠᠭ ᠪᠠᠶᠢᠪᠠ᠃ | 1946 ᠤᠨ ᠳᠤ᠂ ᠯᠢ ᠱᠢ ᠴᠠᠩ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠡᠬᠢᠯᠳᠤ ᠳᠠᠬᠢ ᠠᠵᠢᠯᠯᠠᠬᠤ ᠬᠤᠷᠢᠶ᠎ᠠ ᠶᠢᠨ ᠪᠢᠴᠢᠭᠡᠴᠢ ᠪᠠᠷ | ᠲᠤᠮᠢᠯᠠᠭᠳᠠᠪᠠ᠃ ᠡᠨᠡ ᠬᠤᠭᠤᠴᠠᠭᠠᠨ ᠳᠤ ᠲᠡᠷᠡ ᠶᠡᠭᠡ ᠬᠡᠮᠵᠢᠶᠡᠨ ᠤ ᠨᠠᠮ ᠤᠨ ᠠᠵᠢᠯ ᠬᠢᠵᠦ᠂ ᠲᠡᠷᠡᠴᠢᠯᠡᠨ ᠦᠷᠬᠦᠯᠵᠢ ᠦᠨᠳᠤᠰᠤᠨ ᠱᠠᠳᠤᠨ ᠳᠤ ᠬᠦᠨᠵᠡᠭᠡᠶᠢᠷᠡᠨ | ᠤᠯᠠᠨ ᠲᠦᠮᠡᠨ ᠳᠤ ᠦᠨᠳᠤᠰᠤᠳᠠᠨ ᠤ ᠲᠤᠬᠠᠢ ᠨᠠᠮ ᠤᠨ ᠲᠦᠷᠦ ᠶᠢᠨ ᠪᠤᠳᠤᠯᠭ᠎ᠠ ᠶᠢ ᠦᠷᠭᠡᠨ ᠢᠶᠠᠷ ᠤᠬᠠᠭᠤᠯᠵᠤ᠂ ᠨᠠᠮ ᠤᠨ ᠤᠯᠠᠨ ᠲᠦᠮᠡᠨ ᠤ ᠠᠵᠢᠯ ᠢ ᠬᠢᠵᠦ | ᠪᠠᠶᠢᠪᠠ᠃ | 1947 ᠤᠨ ᠤ 3 ᠰᠠᠷ᠎ᠠ ᠶᠢᠨ 21 ᠤ ᠡᠳᠦᠷ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠲᠡᠬᠢᠯᠳᠤ ᠳᠠᠬᠢ ᠠᠵᠢᠯᠯᠠᠬᠤ ᠬᠤᠷᠢᠶ᠎ᠠ ᠪᠤᠯᠤᠨ ᠠᠮᠤᠷ ᠢ | ᠬᠠᠮᠠᠭᠠᠯᠠᠬᠤ ᠠᠩᠬᠢ ᠪᠠᠶᠢᠯᠳᠤᠬᠤ ᠪᠤᠳᠤᠯᠭ᠎ᠠ ᠶᠢᠨ ᠰᠢᠯᠵᠢᠯᠳᠠ ᠬᠢᠵᠦ᠂ ᠤᠷᠢᠳ ᠢᠶᠠᠷ ᠰᠢᠶᠤᠤ ᠲᠤᠤ ᠽᠢ᠂ ᠬᠠᠨᠭ᠍ᠭᠠᠢ ᠭᠤᠤᠯ ᠳᠤ ᠤᠬᠤᠷᠢᠨ ᠤᠴᠢᠵᠤ 3 ᠡᠳᠦᠷ | ᠲᠠᠯᠳᠠᠯᠠᠵᠤ᠂ ᠲᠠᠷᠠᠭ᠎ᠠ ᠨᠢ ᠮᠤᠬᠤᠷ ᠭᠤᠤᠯ ᠢ ᠲᠠᠭᠠᠵᠤ ᠵᠤᠤᠬ᠎ᠠ ᠶᠢᠨ ᠠᠮᠠ ᠳᠤ ᠬᠦᠷᠴᠤ᠂ ᠶᠡᠭᠡ ᠵᠤᠤ ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠶᠢᠨ ᠱᠦᠵᠢ | ᠭᠤᠤ ᠽᠸᠡᠭ ᠫᠸᠢ ᠶᠢᠨ ᠵᠠᠬᠢᠳᠠᠯ ᠢ ᠤᠯᠵᠤ᠂ ᠪᠤᠷᠤᠪᠠᠯᠭᠠᠰᠤ ᠶᠢᠨ ᠠᠮᠤᠷ ᠢ ᠬᠠᠮᠠᠭᠠᠯᠠᠬᠤ ᠲᠦᠷᠪᠡᠳᠦᠭᠡᠷ ᠪᠡᠲᠯᠢᠶᠤᠨ ᠤ ᠴᠡᠩᠭᠡᠯ᠂ ᠠᠨᠳᠢᠷ ᠨᠢᠭᠡᠨᠳᠡ ᠤᠷᠪᠠᠭᠰᠠᠨ ᠢ | ᠮᠡᠳᠡᠵᠡᠢ᠃ ᠲᠡᠷᠡ ᠦᠶ᠎ᠡ ᠳᠤ ᠲᠡᠭᠢᠯᠳᠤ ᠳᠠᠬᠢ ᠠᠵᠢᠯᠯᠠᠬᠤ ᠬᠤᠷᠢᠶ᠎ᠠ ᠶᠢᠨ ᠠᠮᠤᠷ ᠢ ᠬᠠᠮᠠᠭᠠᠯᠠᠬᠤ ᠠᠩᠬᠢ ᠶᠢᠨ ᠪᠠᠶᠢᠯᠳᠤᠭᠴᠢᠳ ᠤᠨ ᠲᠤᠳᠤᠷ᠎ᠠ ᠠᠴᠠ ᠨᠢᠭᠡ | ᠪᠦᠯᠦᠭ ᠨᠢ ᠲᠤᠳᠠᠭᠠᠭᠰᠠᠨ ᠠᠴᠠ ᠦᠯᠡᠳᠡᠭᠰᠡᠨ ᠲᠦᠴᠢ ᠲᠠᠪᠢᠨ ᠬᠦᠮᠦᠨ ᠪᠠᠢ ᠨᠢ ᠵᠢᠩ ᠢᠶᠠᠷ ᠲᠠᠮᠵᠢᠨ ᠳ᠋ᠦᠡᠭ ᠲᠠᠩ ᠳᠤ ᠬᠦᠷᠴᠤ ᠤᠴᠢᠪᠠ᠃ 4 ᠰᠠᠷ᠎ᠠ ᠶᠢᠨ 6 | ᠤ ᠡᠳᠦᠷ᠂ ᠵᠸᠦ ᠷᠧᠨ ᠱᠠᠨ ᠱᠦᠵᠢ ᠯᠢ ᠱᠢ ᠴᠠᠩ᠂ ᠺᠠᠨᠭ᠌ ᠰᠧ ᠶᠤᠸᠠᠨ᠂ ᠸᠠᠩ ᠶᠠᠨ ᠭᠤᠷᠪᠠᠭᠤᠯᠠ ᠶᠢ ᠭᠠᠳᠠᠭᠰᠢ ᠶᠠᠪᠤᠭᠤᠯᠵᠤ ᠡᠬᠦᠷᠭᠡ ᠬᠦᠢᠴᠡᠳᠭᠡᠭᠦᠯᠪᠡ᠃ | ᠲᠡᠳᠡ ᠮᠤᠷᠢ ᠤᠨᠤᠵᠤ ᠳ᠋ᠦᠡᠭ ᠲᠠᠩ ᠠᠴᠠ ᠡᠯᠡᠰᠤ ᠲᠤᠭᠤᠯᠤᠨ ᠲᠠᠷᠢᠶᠠᠨ ᠰᠢᠯᠢ ᠬᠦᠷᠬᠦ ᠦᠶ᠎ᠡ ᠳᠤ᠂ ᠭᠡᠨᠡᠳᠳᠠ ᠠᠨᠳᠢᠷ ᠤᠨ ᠴᠡᠷᠢᠭ ᠤᠳᠬᠠᠨᠪᠠᠶᠠᠷ᠂ ᠵᠤᠸᠠ᠂ | ᠡᠷᠳᠡᠨᠢᠪᠠᠶᠠᠷ᠂ ᠪᠠᠢ ᠲᠦᠮᠡᠨᠰᠠᠩ᠂ ᠰᠠᠶᠢᠨᠵᠢᠶᠠᠭᠠ᠂ ᠪᠠᠶᠠᠨᠳᠤᠷᠵᠢ ᠵᠡᠷᠭᠡ10 ᠭᠠᠷᠤᠢ ᠤᠷᠪᠠᠭᠴᠢ ᠲᠡᠭᠡᠷᠡᠮ ᠳᠤ ᠪᠦᠰᠡᠯᠡᠭᠳᠡᠨ ᠪᠠᠷᠢᠪᠴᠢᠯᠠᠭᠳᠠᠪᠠ᠃ ᠲᠤᠬᠠᠢ ᠶᠢᠨ | ᠦᠶ᠎ᠡ ᠳᠤ᠂ ᠺᠠᠨᠭ᠌ ᠰᠧ ᠶᠤᠸᠠᠨ᠂ ᠸᠠᠩ ᠶᠠᠨ ᠬᠤᠶᠠᠭᠤᠯᠠ ᠰᠤᠯᠠ ᠬᠤᠪᠴᠠᠰᠤ ᠡᠮᠤᠰᠴᠤ᠂ ᠯᠢ ᠱᠢ ᠴᠠᠩ ᠰᠠᠭᠠᠷᠠᠯ ᠴᠡᠷᠢᠭ ᠤᠨ ᠬᠤᠪᠴᠠᠰᠤ ᠡᠮᠤᠰᠴᠤ᠂ ᠨᠠᠢᠮᠠᠨ | ᠦᠨᠴᠦᠭᠳᠦ ᠮᠠᠯᠠᠭᠠᠢ ᠵᠡᠬᠦᠵᠦ ᠪᠠᠶᠢᠪᠠ᠃ ᠤᠷᠪᠠᠭᠴᠢ ᠲᠡᠭᠡᠷᠡᠮ ᠯᠢ ᠱᠢ ᠴᠠᠩ ᠤᠨ ᠪᠡᠶ᠎ᠡ ᠠᠴᠠ ᠨᠢᠭᠡ ᠪᠠ ᠶᠢᠩ ᠽᠢ ᠭᠠᠷ ᠫᠤᠤ ᠨᠡᠩᠵᠢᠵᠦ ᠤᠯᠤᠭᠠᠳ᠂ | ︽ᠨᠠᠢᠮᠠᠳᠤᠭᠠᠷ ᠵᠠᠮ ᠤᠨ ᠴᠡᠷᠢᠭ︾ ᠢ ᠪᠠᠷᠢᠵᠤ ᠠᠪᠤᠯ᠎ᠠ ᠭᠡᠮᠡᠨ ᠶᠡᠭᠡ ᠪᠠᠷ ᠬᠠᠰᠬᠢᠷᠤᠯᠳᠤᠨ᠂ ᠲᠡᠳᠡ ᠭᠤᠷᠪᠠᠭᠤᠯᠠ ᠶᠢᠨ ᠤᠨᠤᠭᠰᠠᠨ ᠮᠤᠷᠢ ᠬᠤᠪᠴᠠᠰᠤ ᠬᠤᠨᠠᠷ ᠢ | ᠴᠦᠯᠪᠠᠵᠤ ᠪᠠᠷᠠᠪᠠ᠃ ᠤᠷᠪᠠᠭᠴᠢ ᠲᠡᠭᠡᠷᠡᠮᠴᠤᠳ ᠲᠡᠳᠡᠨ ᠢ ᠲᠤᠳᠠᠭᠠᠬᠤ ᠠᠴᠠ ᠪᠤᠯᠭᠤᠮᠵᠢᠯᠠᠵᠤ᠂ ᠤᠯᠤᠰᠤᠨ ᠲᠡᠭᠡᠰᠤ ᠪᠠᠷ ᠭᠤᠷᠪᠠᠭᠤᠯᠠ ᠶᠢ ᠨᠡᠶᠢᠯᠡᠬᠦᠯᠦᠨ | ᠬᠦᠯᠦᠵᠤ᠂ ᠴᠢᠯᠦᠭᠡ ᠰᠠᠪ ᠦᠭᠡᠢ ᠲᠠᠰᠢᠭᠤᠷᠳᠠᠨ ᠲᠠᠭᠤᠵᠤ ᠶᠠᠪᠤᠪᠠ᠃ ᠮᠠᠰᠢᠪᠠᠶᠠᠷ ᠤᠨ ᠳᠤ ᠢᠷᠡᠭᠡᠳ ᠭᠤᠷᠪᠠᠭᠤᠯᠠ ᠶᠢ ᠨᠢᠭᠡ ᠶᠡᠭᠡ ᠪᠠᠶᠢᠰᠢᠩ ᠳᠤ ᠬᠠᠭᠠᠵᠤ᠂ | ᠰᠤᠨᠢ ᠶᠢᠨ ᠬᠠᠭᠠᠰ ᠦᠡᠭᠭᠡᠷᠡᠳᠡᠯᠡ ᠬᠦᠨᠳᠤ ᠪᠠᠷ ᠡᠷᠡᠬᠦᠳᠡᠵᠤ᠂ ᠭᠤᠷᠪᠠᠭᠤᠯᠠ ᠴᠢᠰᠤ ᠨᠦᠵᠢ ᠪᠤᠯᠳᠠᠯ᠎ᠠ ᠴᠤᠬᠢᠭᠤᠯᠤᠭᠰᠠᠨ ᠪᠤᠯᠪᠠᠴᠤ ᠭᠡᠨ ᠨᠢ ᠴᠤ ᠦᠴᠢᠭᠯᠡᠭᠰᠡᠨ | ᠦᠭᠡᠢ᠃ | 4 ᠰᠠᠷ᠎ᠠ ᠶᠢᠨ 7 ᠤ ᠡᠳᠦᠷ᠂ ᠤᠷᠪᠠᠭᠴᠢ ᠲᠡᠭᠡᠷᠡᠮ ᠲᠡᠳᠡ ᠭᠤᠷᠪᠠᠭᠤᠯᠠ ᠶᠢ ᠪᠦᠳᠦᠨ ᠡᠳᠦᠷ ᠴᠤᠬᠢᠵᠤ ᠵᠠᠨᠴᠢᠭᠠᠳ᠂ ᠮᠦᠨ ᠶᠠᠭᠤ ᠴᠤ ᠤᠯᠤᠭᠰᠠᠨ ᠦᠭᠡᠢ᠃ | ᠦᠳᠡᠰᠢ ᠨᠢ ᠠᠨᠳᠢᠷ ᠪᠠᠶᠠᠨ᠋ᠧᠴᠢᠷ ᠲᠠᠯᠪᠡᠷᠡᠳᠡᠯᠡ ᠠᠭᠤᠷᠯᠠᠵᠤ᠂ ᠲᠦᠷᠪᠡᠨ ᠤᠷᠪᠠᠭᠴᠢ ᠲᠡᠭᠡᠷᠡᠮ ᠲᠤᠮᠢᠯᠠᠨ ᠯᠢ ᠱᠢ ᠴᠠᠩ ᠢ ᠬᠦᠯᠦᠵᠦ᠂ ᠡᠮᠦᠨ᠎ᠡ ᠡᠯᠡᠰᠤᠨ ᠳᠠᠬᠢ | ᠼᠤᠤ ᠵᠢᠶᠠ ᠬᠠᠢ ᠽᠢ ᠳᠤ ᠠᠪᠠᠴᠢᠵᠦ ᠫᠤᠤᠳᠠᠨ ᠠᠯᠠᠵᠠᠢ᠃ | ᠯᠢ ᠱᠢ ᠴᠠᠩ ᠪᠡᠶ᠎ᠡ ᠦᠷᠡᠭᠳᠡᠬᠦ ᠦᠶ᠎ᠡ ᠰᠠᠶ᠋ᠢ 28 ᠨᠠᠰᠤᠳᠠᠢ ᠪᠠᠶᠢᠵᠠᠢ᠃ | | ︵ᠡᠬᠡ ᠪᠢᠴᠢᠭ ᠢ ᠳ᠋ᠦᠩᠱᠧᠩ ᠤᠨ ᠦᠷᠡᠭᠳᠡᠭᠰᠡᠨ ᠪᠠᠭᠠᠲᠣᠷᠴᠣᠳ ᠤᠨ ᠣᠩᠭᠤᠨ ᠤ ᠬᠠᠮᠠᠭᠠᠯᠠᠯᠲᠠ ᠶᠢᠨ ᠭᠠᠵᠠᠷ ᠠᠴᠠ ᠬᠠᠩᠭᠠᠪᠠ︶ | |