ᠱᠧ ᠵᠢᠶᠠ ᠯᠢᠶᠠᠩ ᠲᠤᠰᠬᠤᠨ᠄ ᠴᠢᠨᠡᠬᠡᠯᠢᠭᠵᠢᠯ ᠤᠨ ᠵᠠᠮ ᠢᠶᠠᠷ ᠬᠠᠮᠳᠤᠳᠠ ᠪᠠᠨ ᠤᠷᠤᠭᠰᠢᠯᠠᠨᠠᠮ
ᠨᠡᠶᠢᠲᠡᠯᠡᠭᠰᠡᠨ ᠴᠠᠭ᠄
2023/6/21
      ᠱᠧ ᠵᠢᠶᠠ ᠯᠢᠶᠠᠩ ᠲᠤᠰᠬᠤᠨ ᠳᠤ ᠬᠦᠷᠬᠦ ᠳᠤ ᠲᠡᠷᠢ ᠲᠡᠭᠰᠢ ᠵᠢᠭᠳᠡᠷᠡᠭᠰᠡᠨ ᠰᠠᠭᠤᠭᠠᠯᠢ ᠠᠷᠠᠳ ᠤᠨ ᠬᠦᠷᠢᠶ᠎ᠠ ᠬᠠᠰᠢᠶ᠎ᠠ᠂ ᠡᠮᠬᠢ ᠲᠢᠭᠯᠢᠮ ᠲᠠᠢ ᠰᠢᠢᠳᠪᠤᠷᠢᠯᠡᠭᠰᠡᠨ ᠬᠤᠭ ᠨᠤᠪᠰᠢ ᠶᠢᠨ ᠰᠠᠪᠠ᠂ ᠤᠷᠤᠭᠤᠯᠳᠠ ᠰᠠᠶᠢᠳᠠᠢ ᠦᠷ᠎ᠠ ᠲᠠᠷᠢᠶ᠎ᠠ ᠨᠢᠳᠤᠨ᠎ᠠ ᠲᠤᠳᠤᠷᠠᠵᠤ᠂ ᠦᠵᠡᠰᠬᠦᠯᠡᠩᠳᠤ ᠰᠠᠶᠢᠬᠠᠨ ᠬᠦᠳᠡᠭᠡ ᠲᠤᠰᠬᠤᠨ ᠤ ᠭᠤᠶᠢᠳᠠ ᠰᠠᠶᠢᠬᠠᠨ ᠵᠢᠷᠤᠭ ᠲᠦᠷᠰᠦ ᠠᠶᠠᠳᠠᠶᠢᠬᠠᠨ ᠲᠡᠯᠬᠡᠭᠳᠡᠨ᠎ᠠ ᠁      ᠱᠧ ᠵᠢᠶᠠ ᠯᠢᠶᠠᠩ ᠲᠤᠰᠬᠤᠨ ᠪᠤᠯ ᠤᠷᠳᠤᠰ ᠬᠤᠳᠠ ᠶᠢᠨ ᠳ᠋ᠦᠩᠱᠧᠩ ᠲᠤᠭᠤᠷᠢᠭ ᠠᠴᠠ ᠪᠠᠷᠠᠭᠤᠨᠰᠢ 50 ᠺᠢᠯᠤᠮᠧᠲᠷ ᠵᠠᠶᠢᠳᠠᠢ ᠪᠠᠶᠢᠭ᠎ᠠ ᠪᠤᠷᠵᠠᠩ ᠨᠠᠭᠤᠷ ᠪᠠᠯᠭᠠᠰᠤ ᠶᠢᠨ ᠲᠤᠮᠳᠠ ᠬᠡᠰᠡᠭ ᠲᠤ ᠪᠠᠶᠢᠷᠢᠯᠠᠵᠤ᠂ ᠶᠡᠷᠦᠩᠬᠡᠢ ᠲᠠᠯᠠᠪᠠᠢ ᠨᠢ 82.6 ᠲᠡᠭᠰᠢ ᠲᠦᠷᠪᠡᠯᠵᠢᠨ ᠺᠢᠯᠤᠮᠧᠲᠷ᠂ 1106 ᠡᠷᠦᠬᠡ 2536 ᠬᠦᠮᠦᠨ ᠠᠮᠠ ᠲᠠᠢ ᠪᠠᠶᠢᠵᠤ᠂ 217 ᠡᠷᠦᠬᠡ ᠶᠢᠨ 561 ᠬᠦᠮᠦᠨ ᠠᠮᠠ ᠪᠠᠶᠢᠩᠭᠤ ᠰᠠᠭᠤᠵᠤ ᠪᠠᠶᠢᠳᠠᠭ᠃ ᠬᠠᠷᠢᠶᠠᠨ ᠳᠠᠭᠠᠨ ᠲᠤᠰᠬᠤᠨ ᠤ ᠠᠷᠠᠳ  ᠤᠨ 12 ᠲᠤᠭᠤᠶᠢᠯᠠᠩ ᠲᠠᠢ᠃       ᠦᠩᠬᠡᠷᠡᠭᠰᠡᠨ ᠤ ᠱᠧ ᠵᠢᠶᠠ ᠯᠢᠶᠠᠩ ᠲᠤᠰᠬᠤᠨ ᠵᠢᠯ ᠲᠤᠷᠰᠢᠳᠠ ᠭᠠᠩᠳᠠᠵᠤ᠂ ᠭᠠᠵᠡᠷ ᠰᠢᠷᠤᠢ ᠲᠠᠴᠢᠷᠳᠠᠵᠤ᠂ ᠲᠠᠷᠢᠶᠠᠯᠠᠩ ᠤᠨ ᠪᠦᠳᠦᠬᠡᠭᠳᠡᠬᠦᠨ ᠭᠠᠷᠤᠯᠳᠠ ᠪᠠᠷ ᠠᠨᠢ ᠪᠠᠶᠢᠵᠤ᠂ ᠠᠶᠢᠯ ᠲᠤᠰᠬᠤᠨ ᠬᠤᠭ ᠨᠤᠪᠰᠢ ᠭᠠᠵᠡᠷ ᠰᠠᠢ ᠦᠬᠡᠢ ᠪᠤᠳᠠᠷᠠᠵᠤ᠂ ᠵᠠᠮ ᠰᠤᠪᠠᠭ ᠡᠩᠬᠦᠯ ᠲᠤᠩᠬᠤᠯ᠂ ᠨᠤᠷᠠᠮᠠᠷ ᠪᠤᠯᠤᠭᠰᠡᠨ ᠬᠡᠷ ᠪᠠᠶᠢᠰᠢᠩ ᠠᠳᠠ ᠲᠡᠨᠳᠡ ᠬᠦᠭᠯᠡᠷᠡᠵᠤ᠂ ᠶᠠᠪᠤᠵᠤ ᠰᠠᠭᠤᠬᠤ ᠳᠤ ᠲᠦᠬᠦᠮ ᠦᠬᠡᠢ᠂ ᠡᠪᠡᠳᠴᠢᠨ ᠦᠵᠡᠬᠦᠯᠬᠦ ᠳᠤ ᠬᠦᠴᠢᠷᠳᠡᠳᠡᠭ ᠲᠤᠶᠢᠯ ᠤᠨ ᠶᠠᠳᠠᠭᠤ ᠲᠤᠰᠬᠤᠨ ᠪᠠᠶᠢᠭ᠎ᠠ ᠬᠡᠳᠡᠭ ᠢ ᠡᠷᠬᠢᠴᠡᠬᠦᠯᠦᠨ ᠪᠤᠳᠤᠬᠤᠶ᠎ᠠ ᠵᠢᠷᠤᠬᠡ ᠰᠢᠮᠰᠢᠷᠡᠮᠡᠷ ᠶᠤᠮ᠃      ᠤᠶᠢᠷ᠎ᠠ ᠶᠢᠨ ᠵᠢᠯ ᠠᠴᠠ ᠱᠧ ᠵᠢᠶᠠ ᠯᠢᠶᠠᠩ ᠲᠤᠰᠬᠤᠨ ᠨᠢ ᠲᠤᠰᠬᠤᠨ ᠤ ᠨᠠᠮ ᠤᠨ ᠡᠬᠦᠷ ᠪᠤᠯᠤᠨ ᠲᠤᠰᠬᠤᠨ ᠤ ᠵᠦᠪᠯᠡᠯ ᠤᠨ ᠲᠠᠭᠠᠭᠤᠯᠭ᠎ᠠ ᠲᠤᠤᠷ᠎ᠠ ᠲᠤᠬᠠᠢ ᠶᠢᠨ ᠭᠠᠵᠡᠷ ᠤᠨ ᠡᠬᠢ ᠪᠠᠶᠠᠯᠢᠭ ᠤᠨ ᠲᠠᠪᠠᠭᠤᠯᠢᠭ  ᠲᠠᠭᠠᠨ ᠰᠠᠭᠤᠷᠢᠯᠠᠵᠤ᠂ ᠬᠠᠮᠳᠤ ᠶᠢᠨ ᠠᠵᠤ ᠠᠬᠤᠢ ᠶᠢ ᠲᠠᠰᠤᠷᠠᠯᠳᠠ ᠦᠬᠡᠢ ᠬᠦᠭᠵᠢᠬᠦᠯᠦᠨ ᠪᠤᠵᠠᠭᠠᠶᠢᠷᠠᠭᠤᠯᠵᠤ᠂ ᠠᠵᠤ ᠤᠶᠢᠯᠡᠰ ᠤᠨ ᠬᠦᠭᠵᠢᠯᠳᠠ ᠶᠢᠨ ᠵᠠᠭᠪᠣᠷ ᠢ ᠢᠳᠡᠪᠬᠢᠳᠠᠢ ᠬᠠᠶᠢᠨ ᠰᠦᠪᠡᠭᠴᠢᠯᠡᠵᠤ᠂ ᠤᠨᠴᠠᠯᠢᠭᠳᠤ ᠠᠵᠤ ᠤᠶᠢᠯᠡᠰ ᠤᠨ ᠬᠡᠯᠬᠢᠶᠠᠵᠢᠯ ᠢ ᠬᠦᠭᠵᠢᠬᠦᠯᠦᠨ᠂ ᠲᠠᠷᠢᠶᠠᠯᠠᠩ ᠤᠨ ᠦᠷ᠎ᠠ ᠠᠰᠢᠭ ᠢ ᠨᠡᠮᠡᠭᠳᠡᠬᠦᠯᠵᠤ᠂ ᠲᠠᠷᠢᠶᠠᠴᠢᠳ ᠤᠨ ᠤᠷᠤᠯᠭ᠎ᠠ ᠶᠢ ᠨᠡᠮᠡᠭᠳᠡᠬᠦᠯᠵᠤ ᠠᠮᠢᠳᠤᠷᠠᠯ ᠤᠨ ᠬᠢᠷᠢ ᠲᠦᠪᠰᠢᠨ ᠢ ᠨᠢ ᠲᠡᠭᠡᠭᠰᠢᠯᠡᠬᠦᠯᠦᠬᠡᠳ᠂ ᠬᠦᠭᠵᠢᠨ ᠴᠡᠴᠡᠭᠯᠡᠭᠰᠡᠨ ᠬᠦᠳᠡᠭᠡ ᠲᠤᠰᠬᠤᠨ ᠤ ᠰᠠᠶᠢᠨ ᠰᠠᠶᠢᠬᠠᠨ ᠲᠦᠷᠰᠦ ᠪᠠᠶᠢᠳᠠᠯ ᠢ ᠨᠢ ᠪᠤᠢ ᠪᠤᠯᠭᠠᠪᠠ᠃
2.jpg
      ᠡᠳ᠋ ᠬᠦᠷᠦᠩᠬᠡ ᠶᠢᠨ ᠡᠬᠢ ᠪᠠᠶᠠᠯᠢᠭ ᠢᠶᠠᠨ ᠡᠷᠬᠢᠯᠳᠠ ᠳᠤ ᠤᠷᠤᠭᠤᠯᠬᠤ ᠪᠤᠯ ᠬᠠᠮᠳᠤ ᠶᠢᠨ ᠠᠵᠤ ᠠᠬᠤᠢ ᠶᠢ ᠪᠤᠵᠠᠭᠠᠶᠢᠷᠠᠭᠤᠯᠬᠤ᠂ ᠲᠤᠰᠬᠤᠨ ᠤ ᠠᠷᠠᠳ ᠤᠨ ᠤᠷᠤᠯᠭ᠎ᠠ ᠶᠢ ᠨᠡᠮᠡᠭᠳᠡᠬᠦᠯᠬᠦ ᠪᠦᠳᠦᠮᠵᠢᠳᠠᠢ ᠠᠷᠭ᠎ᠠ ᠵᠠᠮ ᠶᠤᠮ᠃ ᠱᠧ ᠵᠢᠶᠠ ᠯᠢᠶᠠᠩ ᠲᠤᠰᠬᠤᠨ ᠤ ᠨᠠᠮ ᠤᠨ ᠡᠬᠦᠷ ᠭᠠᠵᠡᠷ ᠰᠢᠷᠤᠢ ᠶᠢ ᠡᠷᠬᠢᠯᠳᠠ ᠳᠤ ᠤᠷᠤᠭᠤᠯᠬᠤ ᠠᠷᠭ᠎ᠠ ᠮᠠᠶ᠋ᠢᠭ  ᠢᠶᠠᠷ 3300 ᠮᠦ ᠬᠠᠶᠠᠭᠳᠠᠮᠠᠯ ᠲᠠᠷᠢᠶᠠᠨ ᠭᠠᠵᠡᠷ ᠢ ᠴᠡᠭᠴᠡᠯᠡᠨ ᠨᠢᠬᠡᠳᠬᠡᠵᠤ᠂ ᠲᠠᠷᠢᠶᠠᠴᠢᠳ ᠤᠨ ᠲᠠᠭᠠᠭᠠᠴᠢᠯᠠᠭᠰᠡᠨ ᠭᠠᠵᠡᠷ ᠰᠢᠷᠤᠢ ᠶᠢ ︽ᠰᠢᠯᠵᠢᠬᠦᠯᠦᠨ ᠲᠠᠭᠠᠭᠠᠴᠢᠯᠠᠭᠤᠯᠵᠤ︾᠂ ᠬᠠᠮᠳᠤ ᠪᠠᠷ ᠡᠵᠡᠩᠨᠡᠭᠰᠡᠨ᠂ ᠬᠡᠪᠴᠢᠶᠡᠵᠢᠭᠰᠡᠨ᠂ ᠮᠧᠬᠠᠨᠢᠭᠵᠢᠭᠰᠡᠨ᠂ ᠤᠳᠤᠬᠢᠴᠢᠯᠠᠭᠰᠡᠨ ᠲᠠᠷᠢᠮᠠᠯ ᠪᠤᠯᠭᠠᠨ ᠬᠤᠪᠢᠷᠠᠭᠤᠯᠵᠤ᠂ ᠦᠨᠳᠦᠷ ᠪᠠᠷᠢᠮᠵᠢᠶᠠᠳᠤ ᠲᠠᠷᠢᠶᠠᠨ ᠭᠠᠵᠡᠷ ᠢ ᠡᠬᠦᠳᠦᠨ ᠪᠠᠶᠢᠭᠤᠯᠵᠤ᠂ ᠲᠠᠷᠢᠮᠠᠯ ᠤᠨ ᠰᠢᠨ᠎ᠠ ᠮᠡᠷᠬᠡᠵᠢᠯ ᠢ ᠠᠰᠢᠭᠯᠠᠵᠤ ᠤᠨᠴᠠᠯᠢᠭᠳᠤ ᠲᠠᠷᠢᠮᠠᠯ ᠤᠨ ᠤᠶᠢᠯᠡᠰ ᠤᠨ ᠭᠠᠷᠤᠯᠳᠠ ᠪᠠᠨ ᠨᠡᠮᠡᠭᠳᠡᠬᠦᠯᠦᠨ ᠶᠠᠰᠤ ᠴᠢᠨᠠᠷ ᠢᠶᠠᠨ ᠲᠡᠭᠡᠭᠰᠢᠯᠡᠬᠦᠯᠬᠦ ᠶᠢ ᠲᠠᠰᠤᠷᠠᠯᠳᠠ ᠦᠬᠡᠢ ᠲᠦᠷᠬᠡᠳᠬᠡᠨ ᠠᠬᠢᠭᠤᠯᠪᠠ᠃ ᠡᠬᠦᠨ ᠤ ᠬᠠᠮᠳᠤ ᠰᠤᠯᠠ ᠪᠠᠶᠢᠭ᠎ᠠ ᠭᠠᠵᠡᠷ ᠰᠢᠷᠤᠢ ᠶᠢ ᠠᠰᠢᠭᠯᠠᠵᠤ ᠲᠠᠷᠢᠶᠠᠴᠢᠨ ᠠᠶᠢᠯ  ᠤᠨ ᠵᠤᠭᠠᠴᠠᠯ ᠢ ᠬᠦᠭᠵᠢᠬᠦᠯᠵᠤ᠂ ᠲᠤᠰᠬᠤᠨ ᠤ ᠨᠠᠶᠢᠳᠠ ᠶᠢᠨ ᠤᠷᠤᠯᠭ᠎ᠠ ᠵᠢᠯ ᠪᠦᠷᠢ ᠲᠦᠮᠡᠨ ᠲᠦᠬᠦᠷᠢᠭ ᠪᠤᠯᠵᠤ ᠨᠡᠮᠡᠭᠳᠡᠭᠰᠡᠨ ᠪᠠᠶᠢᠨ᠎ᠠ᠃     2021 ᠤᠨ ᠳᠤ ᠱᠧ ᠵᠢᠶᠠ ᠯᠢᠶᠠᠩ ᠲᠤᠰᠬᠤᠨ ᠤ ᠨᠠᠮ ᠤᠨ ᠡᠬᠦᠷ ᠤᠨ ᠱᠦᠵᠢ ᠸᠠᠩ ᠵᠠᠨ ᠷᠦᠩ ᠲᠤᠰᠬᠤᠨ ᠤ ᠺᠠᠳ᠋ᠷᠴᠤᠳ ᠢ ᠲᠠᠭᠠᠭᠤᠯᠤᠨ ᠤᠯᠠᠨ ᠲᠠᠯ᠎ᠠ ᠪᠠᠷ ᠰᠢᠨᠵᠢᠯᠡᠨ ᠪᠠᠶᠢᠴᠠᠭᠠᠵᠤ ᠰᠤᠷᠤᠯᠴᠠᠭᠠᠳ᠂︽ᠲᠠᠷᠢᠬᠤ ᠲᠡᠵᠢᠬᠡᠬᠦ ᠡᠳ᠋ᠰᠢᠬᠦᠯᠬᠦ ᠶᠢ ᠨᠢᠬᠡ ᠴᠤᠭᠴᠠᠵᠢᠭᠤᠯᠬᠤ᠂ ᠤᠶᠢᠯᠡᠳᠪᠤᠷᠢᠯᠡᠬᠦ ᠬᠠᠩᠭᠠᠬᠤ ᠪᠤᠷᠤᠯᠠᠭᠤᠯᠬᠤ ᠶᠢ ᠨᠢᠬᠡ ᠴᠤᠭᠴᠠᠵᠢᠭᠤᠯᠬᠤ︾ ᠠᠵᠤ ᠤᠶᠢᠯᠡᠰ ᠤᠨ ᠬᠦᠭᠵᠢᠯᠳᠠ ᠶᠢᠨ ᠵᠠᠭᠪᠤᠷ ᠢ ᠢᠳᠡᠪᠬᠢᠳᠠᠢ ᠬᠠᠶᠢᠨ ᠰᠦᠪᠡᠭᠴᠢᠯᠠᠵᠤ᠂ ᠲᠠᠷᠢᠬᠤ ᠪᠠᠷ ᠲᠡᠵᠢᠬᠡᠬᠦ ᠶᠢ ᠲᠠᠶᠢᠴᠢᠯᠠᠬᠤ᠂ ᠲᠡᠵᠢᠬᠡᠬᠦ ᠪᠠᠷ ᠡᠳ᠋ᠰᠢᠬᠦᠯᠬᠦ ᠶᠢ ᠲᠠᠭᠠᠭᠤᠯᠬᠤ᠂ ᠡᠳ᠋ᠰᠢᠬᠦᠯᠬᠦ ᠪᠠᠷ ᠪᠤᠷᠤᠯᠠᠭᠤᠯᠬᠤ ᠶᠢ ᠲᠠᠶᠢᠴᠢᠯᠠᠭᠰᠡᠨ ᠤᠯᠠᠮᠵᠢᠯᠠᠯᠳᠤ ᠢᠳᠡᠬᠡᠨ ᠢ ᠡᠳ᠋ᠰᠢᠬᠦᠯᠬᠦ ᠬᠦᠷᠢᠶᠠᠯᠠᠩ᠂ ᠬᠠᠷ᠎ᠠ ᠭᠠᠭ᠋ᠠᠢ ᠶᠢᠨ ᠲᠡᠵᠢᠬᠡᠪᠦᠷᠢ ᠶᠢᠨ ᠰᠠᠭᠤᠷᠢᠨ᠂ ᠮᠦᠬᠦ ᠲᠠᠷᠢᠬᠤ ᠵᠡᠷᠬᠡ ᠤᠨᠴᠠᠯᠢᠭᠳᠤ ᠠᠵᠤ ᠤᠶᠢᠯᠡᠰ ᠤᠨ ᠬᠡᠯᠬᠢᠶᠡᠵᠢᠯ ᠢ ᠪᠤᠢ ᠪᠤᠯᠭᠠᠭᠰᠡᠨ ᠪᠠᠶᠢᠨ᠎ᠠ᠃
640.png
       ᠭᠤᠸᠠ ᠶᠢᠨ ᠦᠷ᠎ᠠ ᠪᠤᠯ ᠱᠧ ᠵᠢᠶᠠ ᠯᠢᠶᠠᠩ ᠲᠤᠰᠬᠤᠨ ᠤ ᠬᠦᠳᠡᠭᠡ ᠲᠤᠰᠬᠤᠨ ᠤ ᠠᠵᠤ ᠤᠶᠢᠯᠡᠰ ᠤᠨ ᠪᠦᠳᠦᠴᠡ ᠪᠤᠯᠤᠨ ᠠᠵᠤ ᠠᠬᠤᠢ ᠶᠢᠨ ᠪᠦᠳᠦᠴᠡ ᠶᠢᠨ ᠰᠢᠪᠳᠤᠯᠤᠯᠳᠠ ᠶᠢᠨ ᠴᠡᠭ ᠮᠦᠨ᠃ ᠱᠧ ᠵᠢᠶᠠ ᠯᠢᠶᠠᠩ ᠲᠤᠰᠬᠤᠨ ᠠᠵᠤ ᠤᠶᠢᠯᠡᠰ ᠢ ᠬᠦᠭᠵᠢᠬᠦᠯᠬᠦ᠂ ᠵᠠᠬ᠎ᠠ ᠲᠡᠯᠬᠡᠬᠦᠷ ᠢ ᠨᠡᠬᠡᠬᠡᠬᠦ᠂ ᠰᠢᠨᠵᠢᠯᠡᠬᠦ ᠤᠬᠠᠭᠠᠨ ᠮᠡᠷᠬᠡᠵᠢᠯ ᠢ ᠲᠡᠭᠡᠭᠰᠢᠯᠡᠬᠦᠯᠬᠦ᠂ ᠠᠵᠤ ᠤᠶᠢᠯᠡᠰ ᠢ ᠬᠡᠪᠴᠢᠶᠠᠵᠢᠬᠦᠯᠬᠦ ᠪᠠᠷ ᠤᠷᠳᠤ ᠬᠤᠭᠤᠴᠠᠭᠠᠨ ᠤ ᠬᠦᠭᠵᠢᠯᠳᠠ ᠶᠢᠨ ᠬᠠᠷᠠᠯᠳᠠ  ᠪᠠᠨ ᠪᠤᠯᠭᠠᠵᠤ᠂ ᠤᠳᠤ ᠪᠠᠶᠢᠭ᠎ᠠ ᠭᠠᠵᠡᠷ ᠰᠢᠷᠤᠢ ᠶᠢᠨ ᠡᠬᠢ ᠪᠠᠶᠠᠯᠢᠭ ᠢᠶᠠᠨ ᠠᠰᠢᠭᠯᠠᠵᠤ ᠡᠷᠬᠢᠨ ᠲᠤᠭᠤᠷᠢᠨ ᠤ ᠲᠤᠰᠬᠤᠨ ᠤ ᠠᠷᠠᠳ ᠤᠨ ᠨᠠᠷᠠᠨ ᠬᠤᠸᠠᠷ ᠲᠠᠷᠢᠬᠤ ᠶᠢ ᠵᠤᠷᠢᠭᠵᠢᠭᠤᠯᠵᠤ᠂ ᠬᠠᠷᠢᠴᠠᠩᠭᠤᠢ ᠲᠤᠭᠳᠠᠭᠤᠨ ᠦᠨ᠎ᠠ ᠬᠠᠩᠰᠢ ᠪᠠᠷ ᠨᠢᠬᠡᠳᠦᠯᠳᠠᠢ ᠬᠤᠳᠠᠯᠳᠤᠨ ᠠᠪᠬᠤ ᠠᠷᠭ᠎ᠠ ᠮᠠᠶ᠋ᠢᠭ ᠢ ᠬᠡᠷᠡᠭᠵᠢᠬᠦᠯᠦᠭᠰᠡᠨ ᠠᠴᠠ ᠵᠠᠪᠰᠠᠷ ᠤᠨ ᠬᠤᠳᠠᠯᠳᠤᠭᠠᠴᠢᠨ ᠳᠤ ᠬᠤᠨᠵᠢᠭᠤᠯᠳᠠᠭ ᠮᠦᠩᠬᠦ ᠪᠠ ᠲᠡᠬᠡᠬᠡᠪᠦᠷᠢ ᠶᠢᠨ ᠰᠤᠶᠢᠳᠬᠡᠯ ᠢ ᠠᠷᠪᠢᠯᠠᠵᠤ᠂ ᠠᠷᠠᠳ ᠤᠯᠠᠨ ᠤ ᠤᠷᠤᠯᠭ᠎ᠠ ᠶᠢ ᠨᠡᠮᠡᠭᠳᠡᠬᠦᠯᠪᠠ᠃ ᠡᠬᠦᠨ ᠤ ᠵᠡᠷᠬᠡᠴᠡᠭᠡ ᠪᠠᠷ ︽ᠬᠠᠷ᠎ᠠ ᠬᠡᠳᠡᠰᠦᠳᠦ ᠭᠤᠸᠠ ᠶᠢᠨ ᠦᠷ᠎ᠠ︾ ᠶᠢ ᠡᠳ᠋ᠰᠢᠬᠦᠯᠦᠨ ᠪᠤᠯᠪᠠᠰᠤᠷᠠᠭᠤᠯᠬᠤ ᠠᠵᠤ ᠤᠶᠢᠯᠡᠰ ᠤᠨ ᠬᠦᠷᠢᠶᠠᠯᠠᠩ ᠤᠨ ᠲᠤᠭᠤᠷᠢᠭ ᠢ ᠪᠠᠶᠢᠭᠤᠯᠵᠤ᠂ ︽ᠬᠠᠷ᠎ᠠ ᠬᠡᠳᠡᠰᠤᠳᠤ︾ ᠲᠡᠮᠳᠡᠭᠳᠤ ᠭᠤᠸᠠ ᠶᠢᠨ ᠦᠷ᠎ᠠ ᠶᠢᠨ ᠨᠡᠷᠡᠳᠤ ᠲᠡᠮᠳᠡᠭ ᠢ ᠡᠬᠦᠳᠴᠦ᠂ ︽ᠨᠠᠷᠠᠨ ᠬᠤᠸᠠᠷ ᠤᠨ ᠵᠢᠵᠢᠭᠬᠡᠨ ᠦᠷ᠎ᠠ ᠶᠢ ᠬᠠᠭᠤᠷᠤᠭᠠᠳ ᠰᠢᠵᠢᠷ ᠠᠯᠳᠠᠨ ᠨᠠᠷ᠎ᠠ ᠶᠢᠨ ᠬᠠᠭᠤᠳᠠᠰᠤ︾ ᠶᠢ ᠪᠢᠴᠢᠭᠯᠡᠪᠠ᠃ ᠡᠬᠦᠨ ᠢᠶᠠᠷ ᠪᠠᠷᠠᠬᠤ ᠦᠬᠡᠢ ᠱᠧ ᠵᠢᠶᠠ ᠯᠢᠶᠠᠩ ᠲᠤᠰᠬᠤᠨ ᠬᠤᠪᠢ ᠤᠷᠤᠭᠤᠯᠤᠭᠰᠡᠨ ᠠᠵᠤ ᠠᠬᠤᠢ ᠶᠢᠨ ᠬᠤᠷᠰᠢᠶᠠᠵᠢᠯ ᠤᠨ ᠡᠬᠢ ᠪᠠᠶᠠᠯᠢᠭ ᠤᠨ ᠲᠠᠪᠠᠭᠤᠯᠢᠭ ᠲᠠᠭᠠᠨ ᠲᠦᠰᠢᠭᠯᠡᠨ᠂ ᠤᠯᠠᠨ ᠡᠰᠢᠴᠢᠯᠡᠨ ᠬᠦᠭᠵᠢᠵᠤ᠂ ᠠᠵᠤ ᠤᠶᠢᠯᠡᠰ ᠤᠨ ᠬᠡᠯᠬᠢᠶ᠎ᠠ ᠪᠠᠨ ᠤᠷᠳᠤᠳᠬᠠᠵᠤ᠂ ᠤᠯᠠᠮᠵᠢᠯᠠᠯᠳᠤ ᠲᠠᠷᠢᠶᠠᠯᠠᠩ ᠢ ︽ᠲᠠᠷᠢᠶᠠᠯᠠᠩ +︾ ᠤᠯᠠᠨ ᠲᠦᠷᠦᠯ ᠤᠨ ᠡᠵᠡᠩᠨᠡᠯᠳᠠ ᠶᠢᠨ ᠬᠡᠯᠪᠡᠷᠢ ᠪᠤᠯᠭᠠᠨ ᠬᠤᠪᠢᠷᠠᠭᠤᠯᠵᠤ᠂ ᠵᠢᠶᠠᠩ ᠲᠠᠢ ᠨᠤᠭᠤᠭ᠎ᠠ᠂ ᠭᠤᠸᠠ ᠶᠢᠨ ᠦᠷ᠎ᠠ᠂ ᠰᠠᠭᠠᠭ ᠤᠨ ᠪᠤᠭᠤᠷᠰᠤᠭ ᠵᠡᠷᠬᠡ ᠪᠦᠳᠦᠬᠡᠭᠳᠡᠬᠦᠨ ᠢ ᠵᠠᠯᠭᠠᠭ᠎ᠠ ᠪᠠᠷ ᠤᠶᠢᠯᠡᠳᠪᠤᠷᠢᠯᠡᠭᠰᠡᠨ ᠪᠦᠬᠡᠳ ︽ᠪᠤᠷᠵᠠᠩ ᠨᠠᠭᠤᠷ︾᠂ ︽ᠤᠯᠤᠰ ᠤᠨ ᠵᠠᠭᠤᠰᠢ — ᠭᠤᠷᠪᠡᠨ ᠡᠷᠳᠡᠨᠢ︾ ᠵᠡᠷᠬᠡ ᠤᠨᠴᠠᠯᠢᠭᠳᠤ ᠨᠡᠷᠡᠳᠤ ᠲᠡᠮᠳᠡᠭ ᠢ ᠡᠬᠦᠳᠴᠠᠢ᠃      ᠤᠨᠴᠠᠯᠢᠭᠳᠤ ᠠᠵᠤ ᠤᠶᠢᠯᠡᠰ ᠤᠨ ᠬᠡᠯᠬᠢᠶ᠎ᠠ ᠶᠢ ᠬᠦᠭᠵᠢᠬᠦᠯᠦᠭᠰᠡᠨ ᠨᠢ ᠱᠧ ᠵᠢᠶᠠ ᠯᠢᠶᠠᠩ ᠲᠤᠰᠬᠤᠨ ᠤ ᠬᠠᠮᠳᠤ ᠶᠢᠨ ᠠᠵᠤ ᠠᠬᠤᠢ ᠶᠢ ᠬᠦᠭᠵᠢᠬᠦᠯᠬᠦ᠂ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠬᠦᠨᠵᠡᠬᠡᠢ ᠬᠡᠷᠡᠭᠵᠢᠬᠦᠯᠬᠦ᠂ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠦᠷ᠎ᠠ ᠪᠦᠳᠦᠬᠡᠯ ᠢ ᠪᠠᠬᠢᠵᠢᠬᠦᠯᠬᠦ ᠰᠢᠨ᠎ᠠ ᠠᠷᠭ᠎ᠠ ᠵᠠᠮ ᠬᠡᠯᠳᠠᠢ᠃ 2021 ᠤᠨ ᠳᠤ᠂ ᠪᠤᠷᠵᠠᠩ ᠨᠠᠭᠤᠷ ᠪᠠᠯᠭᠠᠰᠤ ᠶᠢᠨ ᠱᠧ ᠵᠢᠶᠠ ᠯᠢᠶᠠᠩ ᠲᠤᠰᠬᠤᠨ ᠤ ᠬᠠᠮᠳᠤ ᠶᠢᠨ ᠡᠵᠡᠩᠨᠡᠯᠳᠠ ᠶᠢᠨ ᠤᠷᠤᠯᠭ᠎ᠠ 514 ᠲᠦᠮᠡᠨ ᠲᠦᠬᠦᠷᠢᠭ ᠲᠤ ᠬᠦᠷᠴᠦ᠂ ᠲᠠᠷᠢᠶᠠᠴᠢᠳ ᠲᠤ 154 ᠲᠦᠮᠡᠨ ᠲᠦᠬᠦᠷᠢᠭ ᠤᠨ ᠠᠰᠢᠭ ᠬᠤᠪᠢᠶᠠᠷᠢᠯᠠᠵᠤ᠂ ᠭᠤᠸᠠ ᠶᠢᠨ ᠦᠷ᠎ᠠ ᠶᠢᠨ ᠠᠵᠤ ᠤᠶᠢᠯᠡᠰ ᠤᠨ ᠬᠦᠷᠢᠶᠠᠯᠠᠩ ᠲᠤᠭᠤᠷᠢᠭ᠂ ᠲᠡᠵᠢᠬᠡᠨ ᠦᠷᠡᠵᠢᠬᠦᠯᠬᠦ ᠲᠠᠭᠤᠷᠢᠶᠠᠯ ᠦᠵᠡᠬᠦᠯᠬᠦ ᠬᠦᠷᠢᠶᠠᠯᠠᠩ ᠲᠤᠭᠤᠷᠢᠭ ᠵᠡᠷᠬᠡ ᠤᠯᠠᠨ ᠲᠦᠷᠦᠯ ᠤᠨ ᠠᠵᠤ ᠤᠶᠢᠯᠡᠰ ᠤᠨ ᠲᠦᠬᠦᠬᠡᠷᠦᠮᠵᠢ ᠶᠢ ᠪᠦᠳᠦᠬᠡᠨ ᠪᠠᠶᠢᠭᠤᠯᠪᠠ᠃     ︽ᠨᠢᠬᠡ ᠬᠦᠷᠢᠶᠠᠯᠠᠩ ᠨᠢᠬᠡ ᠲᠠᠷᠢᠶᠠᠯᠠᠩ ᠨᠢᠬᠡ ᠬᠡᠰᠡᠭ ᠭᠠᠵᠡᠷ︾ ᠪᠤᠯ ᠱᠧ ᠵᠢᠶᠠ ᠯᠢᠶᠠᠩ ᠲᠤᠰᠬᠤᠨ ᠤ ᠶᠠᠭ ᠰᠠᠶ᠋ᠢᠬᠠᠨ ᠬᠡᠷᠡᠭᠵᠢᠬᠦᠯᠵᠤ ᠪᠠᠶᠢᠭ᠎ᠠ ᠠᠷᠠᠳ ᠢ ᠪᠠᠶᠠᠵᠢᠭᠤᠯᠬᠤ ᠢᠨᠵᠧᠨᠧᠷᠢᠩ ᠮᠦᠨ᠂ ᠲᠤᠬᠠᠶᠢᠯᠠᠪᠠᠯ᠄ ᠲᠤᠰᠬᠤᠨ ᠪᠦᠷᠢ ᠳᠤ ᠨᠠᠭᠠᠳᠤ ᠵᠠᠬ᠎ᠠ ᠳᠠᠭᠠᠨ ᠨᠢᠬᠡᠨ ᠲᠠᠷᠢᠵᠤ ᠲᠡᠵᠢᠬᠡᠬᠦ ᠲᠠᠭᠤᠷᠢᠶᠠᠯ ᠦᠵᠡᠬᠦᠯᠬᠦ ᠬᠦᠷᠢᠶᠠᠯᠠᠩ ᠪᠠᠶᠢᠭᠤᠯᠵᠤ᠂ ᠬᠤᠷᠰᠢᠶ᠎ᠠ ᠪᠦᠷᠢ ᠳᠤ ᠨᠠᠭᠠᠳᠤ ᠵᠠᠬ᠎ᠠ ᠳᠠᠭᠠᠨ ᠨᠢᠬᠡ ᠦᠨᠳᠦᠷ ᠪᠠᠷᠢᠮᠵᠢᠶᠠᠳᠤ ᠲᠠᠭᠤᠷᠢᠶᠠᠯ ᠦᠵᠡᠬᠦᠯᠬᠦ ᠲᠠᠷᠢᠶᠠᠨ ᠲᠠᠯᠠᠪᠠᠢ ᠪᠠᠶᠢᠭᠤᠯᠵᠤ᠂ ᠲᠤᠰᠬᠤᠨ ᠤ ᠠᠷᠠᠳ ᠢ ᠬᠠᠪᠰᠤᠷᠤᠨ ᠨᠠᠭᠠᠳᠤ ᠵᠠᠬ᠎ᠠ ᠳᠠᠭᠠᠨ ᠨᠢᠬᠡ ᠬᠡᠰᠡᠭ ᠤᠰᠤ ᠠᠷᠪᠢᠯᠠᠬᠤ ᠤᠰᠤᠯᠠᠯᠳᠠ ᠶᠢᠨ ᠲᠠᠷᠢᠶᠠᠨ ᠭᠠᠵᠡᠷ ᠲᠠᠢ ᠪᠤᠯᠭᠠᠨ᠎ᠠ᠃      ᠡᠬᠦᠨ ᠤ ᠬᠠᠮᠳᠤ᠂ ᠱᠧ ᠵᠢᠶᠠ ᠯᠢᠶᠠᠩ ᠲᠤᠰᠬᠤᠨ ᠤᠨᠴᠠᠯᠢᠭᠳᠤ ᠬᠦᠳᠡᠭᠡ ᠲᠤᠰᠬᠤᠨ ᠤ ᠵᠤᠭᠠᠴᠠᠯ ᠤᠨ ᠠᠵᠤ ᠤᠶᠢᠯᠡᠰ ᠢ ᠬᠦᠭᠵᠢᠬᠦᠯᠬᠦ ᠶᠢ ᠪᠠᠷᠢᠮᠳᠠᠯᠠᠵᠤ᠂ ᠡᠪᠤᠯ ᠪᠤᠯᠪᠠᠯ ︽ᠭᠠᠭ᠋ᠠᠢ ᠶᠢᠨ ᠮᠢᠬ᠎ᠠ ᠲᠠᠢ ᠬᠠᠭᠤᠷᠭᠠᠰᠢ ᠶᠢᠨ ᠪᠠᠶᠠᠷ︾ ᠬᠢᠬᠦ᠂ ᠵᠤᠨ ᠪᠤᠯᠪᠠᠯ ︽ᠲᠠᠩᠰᠤᠭ ᠰᠠᠶᠢᠬᠠᠨ ᠵᠤᠰᠠᠯᠠᠩ ᠤᠨ ᠰᠢᠷᠠᠮᠠᠯ ᠤᠨ ᠪᠠᠶᠠᠷ︾ ᠡᠷᠬᠢᠯᠡᠬᠦ ᠬᠡᠪ ᠵᠠᠭᠪᠤᠷ  ᠢ ᠪᠤᠢ ᠪᠤᠯᠭᠠᠵᠠᠢ᠃ 2022 ᠤᠨ ᠤ 9 ᠰᠠᠷ᠎ᠠ ᠳᠤ᠂ ᠳ᠋ᠦᠩᠱᠧᠩ ᠲᠤᠭᠤᠷᠢᠭ ᠤᠨ 2022 ᠤᠨ ᠤ ᠲᠤᠮᠳᠠᠳᠤ ᠤᠯᠤᠰ ᠤᠨ ᠲᠠᠷᠢᠶᠠᠴᠢᠳ ᠤᠨ ᠡᠯᠪᠡᠭ ᠬᠤᠷᠢᠶᠠᠯᠳᠠ ᠶᠢᠨ ᠨᠠᠶᠢᠷ ᠱᠧ ᠵᠢᠶᠠ ᠯᠢᠶᠠᠩ ᠲᠤᠰᠬᠤᠨ ᠳᠤ ᠶᠠᠪᠤᠭᠳᠠᠪᠠ᠃  ᠲᠤᠰ ᠤᠳᠠᠭ᠎ᠠ ᠶᠢᠨ ᠠᠵᠢᠯᠯᠠᠭ᠎ᠠ ᠳᠤ ᠲᠤᠰᠠᠯᠠᠬᠤ ᠠᠵᠤ ᠠᠬᠤᠢ ᠶᠢᠨ ᠪᠦᠳᠦᠬᠡᠭᠳᠡᠬᠦᠨ ᠤ ᠪᠤᠷᠤᠯᠠᠭᠤᠯᠭ᠎ᠠ ᠶᠢ ᠬᠠᠪᠰᠤᠷᠤᠨ ᠲᠡᠳᠬᠦᠬᠦ ᠬᠡᠯᠡᠯᠴᠡᠬᠡᠷ ᠲᠤᠭᠳᠠᠵᠤ᠂ ᠵᠠᠬᠢᠶᠠᠯᠠᠭ᠎ᠠ ᠶᠢᠨ ᠵᠤᠭᠤᠰ 315 ᠲᠦᠮᠡᠨ ᠲᠦᠬᠦᠷᠢᠭ ᠲᠤ ᠬᠦᠷᠪᠠ᠃      ᠱᠧ ᠵᠢᠶᠠ ᠯᠢᠶᠠᠩ ᠲᠤᠰᠬᠤᠨ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠵᠠᠮ ᠢᠶᠠᠷ ᠢᠳᠡᠬᠡᠯ ᠲᠡᠬᠦᠯᠳᠠᠷ ᠵᠠᠮᠨᠠᠵᠤ ᠦᠷᠯᠦᠬᠡ ᠦᠳᠡᠰᠢ ᠦᠬᠡᠢ ᠲᠡᠮᠡᠴᠡᠬᠦ ᠬᠠᠳᠠᠨ ᠵᠤᠷᠢᠭ ᠢ ᠡᠪᠤᠷᠯᠡᠨ ᠢᠳᠡᠷᠡᠬᠦᠨ ᠠᠯᠬᠤᠭ᠎ᠠ ᠪᠠᠷ ᠤᠷᠤᠭᠰᠢᠯᠠᠵᠤ ᠪᠠᠶᠢᠨ᠎ᠠ᠃      ᠲᠠᠷᠠᠭᠠᠴᠢ ᠶᠢᠨ ᠠᠯᠬᠤᠮ ᠳᠤ᠂ ᠱᠧ ᠵᠢᠶᠠ ᠯᠢᠶᠠᠩ ᠲᠤᠰᠬᠤᠨ ᠰᠢᠨ᠎ᠠ ᠠᠵᠤ ᠠᠬᠤᠢ ᠰᠢᠨ᠎ᠠ ᠡᠵᠡᠩᠨᠡᠯᠳᠠ  ᠶᠢᠨ ᠬᠡᠯᠪᠡᠷᠢ ᠶᠢ ᠰᠠᠶᠢᠳᠤᠷ ᠬᠦᠭᠵᠢᠬᠦᠯᠵᠤ᠂ ᠨᠢᠬᠡᠳᠦᠬᠡᠷ ᠬᠤᠶᠠᠳᠤᠭᠠᠷ ᠭᠤᠷᠪᠠᠳᠤᠭᠠᠷ ᠠᠵᠤ ᠤᠶᠢᠯᠡᠰ ᠤᠨ ᠠᠭᠤᠰᠤᠯᠴᠠᠨ ᠬᠦᠭᠵᠢᠬᠦ ᠶᠢ ᠲᠠᠰᠤᠷᠠᠯᠳᠠ ᠦᠬᠡᠢ ᠠᠬᠢᠭᠤᠯᠤᠨ᠂ ᠲᠡᠷᠢᠶᠠᠯᠠᠩ ᠤᠨ ᠪᠦᠬᠦ ᠲᠠᠯ᠎ᠠ ᠶᠢᠨ ᠲᠡᠰ ᠲᠡᠪᠰᠢᠯᠳᠠ᠂ ᠬᠦᠳᠡᠭᠡ ᠲᠤᠰᠬᠤᠨ ᠤ ᠪᠦᠬᠦ ᠲᠠᠯ᠎ᠠ ᠶᠢᠨ ᠲᠠᠪᠰᠢᠯᠳᠠ᠂ ᠲᠠᠷᠢᠶᠠᠴᠢᠨ ᠤ ᠪᠦᠬᠦ ᠲᠠᠯ᠎ᠠ ᠶᠢᠨ ᠬᠦᠭᠵᠢᠯᠳᠠ ᠶᠢ ᠲᠠᠰᠤᠷᠠᠯᠳᠠ ᠦᠬᠡᠢ ᠠᠬᠢᠭᠤᠯᠬᠤ ᠪᠤᠯᠤᠨ᠎ᠠ᠃ ᠤᠳᠤ ᠪᠠᠶᠢᠭ᠎ᠠ ᠠᠩᠬ᠎ᠠ ᠠᠯᠬᠤᠮ ᠤᠨ ᠬᠡᠪᠴᠢᠶᠠᠵᠢᠯ  ᠲᠠᠢ ᠠᠵᠤ ᠤᠶᠢᠯᠡᠰ ᠤᠨ ᠰᠢᠰᠲ᠋ᠧᠮ ᠳᠡᠭᠡᠨ ᠲᠦᠰᠢᠭᠯᠡᠵᠤ᠂ ᠠᠵᠤ ᠠᠬᠤᠶᠢᠯᠠᠯ ᠢ ᠤᠷᠢᠨ ᠲᠠᠳᠠᠵᠤ ᠱᠧ ᠵᠢᠶᠠ ᠯᠢᠶᠠᠩ ᠲᠤᠰᠬᠤᠨ ᠤ ︽ᠬᠤᠶᠠᠳᠤᠭᠠᠷ ᠠᠵᠤ ᠤᠶᠢᠯᠡᠰ ᠨᠢ ᠨᠢᠬᠡᠳᠦᠬᠡᠷ ᠠᠵᠤ ᠤᠶᠢᠯᠡᠰ ᠢ ᠪᠠᠳᠤᠯᠠᠬᠤ᠂ ᠨᠢᠬᠡᠳᠦᠬᠡᠷ ᠠᠵᠤ ᠤᠶᠢᠯᠡᠰ ᠨᠢ ᠬᠤᠶᠠᠳᠤᠭᠠᠷ ᠠᠵᠤ ᠤᠶᠢᠯᠡᠰ ᠢ ᠬᠠᠩᠭᠠᠬᠤ᠂ ᠬᠤᠤᠰ ᠠᠵᠤ ᠤᠶᠢᠯᠡᠰ ᠬᠠᠷᠢᠯᠴᠠᠨ ᠤᠶᠢᠯᠡᠳᠦᠯᠴᠡᠬᠦ︾ ᠦᠬᠡᠷᠡᠴᠢᠯᠡᠯᠳᠠ ᠳᠤ ᠤᠷᠤᠯᠴᠠᠭᠤᠯᠵᠤ᠂ ᠪᠦᠬᠦ ᠲᠤᠰᠬᠤᠨ ᠤ ᠠᠵᠤ ᠤᠶᠢᠯᠡᠰᠵᠢᠯᠳᠠ᠂ ᠬᠡᠪᠴᠢᠶᠠᠵᠢᠯᠳᠠ᠂ ᠲᠦᠷᠦᠯ ᠲᠡᠮᠳᠡᠭᠵᠢᠯᠳᠠ ᠶᠢᠨ ᠬᠢᠷᠢ ᠲᠦᠪᠰᠢᠨ ᠢ ᠲᠠᠰᠤᠷᠠᠯᠳᠠ ᠦᠬᠡᠢ ᠲᠡᠭᠡᠭᠰᠢᠯᠡᠬᠦᠯᠵᠤ᠂ ᠤᠷᠳᠤᠰ ᠬᠤᠳᠠ ᠶᠢᠨ ᠴᠢᠨᠠᠷ ᠰᠠᠶᠢᠳᠠᠢ ᠲᠠᠷᠢᠶᠠᠯᠠᠩ ᠤᠨ ᠲᠤᠰᠠᠯᠠᠬᠤ ᠠᠵᠤ ᠠᠬᠤᠢ ᠶᠢᠨ ᠪᠦᠳᠦᠬᠡᠭᠳᠡᠬᠦᠨ ᠢ ᠬᠠᠩᠭᠠᠵᠤ ᠴᠢᠳᠠᠬᠤ ᠲᠤᠰᠬᠤᠨ ᠢ ᠠᠯᠬᠤᠮ ᠠᠯᠬᠤᠮ ᠢᠶᠠᠷ ᠪᠠᠶᠢᠭᠤᠯᠵᠤ᠂ ᠠᠷᠠᠳ ᠢ ᠴᠢᠨᠡᠬᠡᠯᠢᠭᠵᠢᠬᠦᠯᠦᠨ ᠬᠦᠳᠡᠭᠡ ᠲᠤᠰᠬᠤᠨ ᠢ ᠬᠦᠭᠵᠢᠬᠦᠯᠦᠨ ᠮᠠᠨᠳᠤᠭᠤᠯᠬᠤ ᠳᠤ ᠬᠦᠴᠦᠨ ᠨᠡᠮᠡᠷᠢᠯᠡᠬᠦ ᠪᠠᠷ ᠴᠢᠷᠮᠠᠶᠢᠵᠤ ᠪᠠᠶᠢᠨ᠎ᠠ᠃
ᠢᠷᠡᠯᠲᠡ᠄ ᠤᠷᠳᠤᠰ ᠤᠨ ᠡᠳᠤᠷ ᠤᠨ ᠰᠤᠨᠢᠨ