ᠯᠣᠷᠣᠢ
ᠨᠡᠶᠢᠲᠡᠯᠡᠭᠰᠡᠨ ᠴᠠᠭ᠄
2023/6/1
      ᠯᠣᠷᠣᠢ ︵1901--1944︶ ᠮᠣᠩᠭᠤᠯ ᠦᠨᠳᠦᠰᠦᠲᠡᠨ᠂ ᠣᠣᠯ ᠤᠨ ᠵᠠᠰᠠᠭ ᠬᠤᠰᠢᠭᠤᠨ ᠤ ᠵᠠᠰᠠᠭ ᠰᠢᠶᠠᠩ ᠤᠨ ᠬᠦᠮᠦᠨ᠂ ᠳᠣᠯᠣᠭᠠᠨ ᠨᠠᠰᠣᠨ ᠳᠠᠭᠠᠨ ᠵᠠᠰᠠᠭ ᠬᠤᠰᠢᠭᠤᠨ ᠤ ᠠᠮᠢᠳᠣ ᠶᠢᠨ ᠰᠦᠮ᠎ᠡ ᠳᠤ ᠯᠠᠮᠠ ᠪᠤᠯᠪᠠ᠃ ᠲᠣᠬᠠᠢ ᠶᠢᠨ ᠦᠶ᠎ᠡ ᠳᠤ ᠶᠠᠭ ᠰᠠᠶᠢᠬᠠᠨ ᠵᠠᠰᠠᠭ ᠬᠤᠰᠢᠭᠤᠨ ᠤ ︽ᠪᠠᠨᠳᠢᠲᠠᠨ ᠭᠡᠭᠡᠨ︾ ᠸᠠᠩᠳᠠᠨᠨᠢᠮ᠎ᠠ ᠶᠢᠨ ᠳᠠᠶᠢᠴᠢᠯᠠᠭᠰᠠᠨ ︽ᠳᠣᠭᠤᠶᠢᠯᠠᠩ︾ ᠤᠨ ᠬᠦᠳᠡᠯᠭᠡᠭᠡᠨ ᠦᠷᠨᠢᠵᠦ ᠪᠠᠶᠢᠭᠰᠠᠨ ᠨᠢ ᠪᠠᠭ᠎ᠠ ᠨᠠᠰᠣᠨ ᠤ ᠯᠣᠷᠣᠢ ᠶᠢᠨ ᠣᠢ ᠣᠬᠠᠭᠠᠨ ᠳᠤ ᠬᠤᠪᠢᠰᠬᠠᠯ ᠤᠨ ᠦᠷ᠎ᠡ ᠶᠢ ᠲᠠᠷᠢᠵᠤ ᠲᠠᠯᠪᠢᠵᠠᠢ᠃      1925 ᠣᠨ ᠤ 10 ᠰᠠᠷ᠎ᠠ ᠳᠤ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠴᠡᠷᠢᠭ ᠤᠨ ᠶᠡᠷᠦᠩᠬᠡᠢ ᠰᠧᠯᠢᠩ ᠸᠠᠩᠳᠠᠨᠨᠢᠮ᠎ᠠ ᠪᠤᠯᠤᠨ 12 ᠳ᠋ᠣᠭᠠᠷ ᠬᠤᠷᠢᠶᠠᠨ ᠤ ᠳᠠᠷᠤᠭ᠎ᠠ ᠰᠢᠨᠠᠯᠠᠮ᠎ᠠ ᠵᠡᠷᠭᠡ ᠬᠦᠮᠦᠰ ᠶᠡᠭᠡ ᠵᠣᠣ ᠶᠢᠨ ᠴᠢᠭᠤᠯᠭᠠᠨ ᠤ ᠵᠢᠶᠦ᠋ᠨ ᠸᠠᠩ ᠬᠤᠰᠢᠭᠤ᠂ ᠵᠠᠰᠠᠭ ᠬᠤᠰᠢᠭᠤ ᠵᠡᠷᠭᠡ ᠭᠠᠵᠠᠷ ᠲᠤ ᠬᠤᠪᠢᠰᠬᠠᠯᠲᠣ ᠵᠡᠪᠰᠡᠭᠲᠦ ᠬᠦᠴᠦᠨ ᠢ ᠵᠣᠬᠢᠶᠠᠨ ᠪᠠᠶᠢᠭᠤᠯᠵᠣ᠂ ᠯᠣᠷᠣᠢ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠴᠡᠷᠢᠭ ᠲᠤ ᠣᠷᠣᠵᠠᠢ᠃      ᠯᠣᠷᠣᠢ ᠣᠷᠢᠳ ᠬᠤᠵᠢᠳ ᠸᠠᠩᠳᠠᠨᠨᠢᠮ᠎ᠠ᠂ ᠰᠢᠨᠡᠯᠡᠮ᠎ᠡ ︵ᠸᠠᠩᠳᠠᠨᠨᠢᠮ᠎ᠠ ᠬᠤᠣᠷᠯᠠᠭᠳᠠᠭᠰᠠᠨ ᠤ ᠳᠠᠷᠠᠭ᠎ᠠ︶ ᠶᠢ ᠳᠠᠭᠠᠵᠣ ᠬᠤᠪᠢᠰᠬᠠᠯᠲᠣ ᠲᠡᠮᠡᠴᠡᠯ ᠦᠷᠨᠢᠭᠦᠯᠵᠦ ᠪᠠᠶᠢᠭᠰᠠᠨ ᠪᠦᠭᠡᠳ᠂ ︽ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠨᠠᠮ︾ ᠪᠤᠯᠤᠨ ︽ᠳᠣᠭᠤᠶᠢᠯᠠᠩ︾ ᠤᠨ ᠵᠣᠬᠢᠶᠠᠨ ᠪᠠᠶᠢᠭᠤᠯᠣᠯᠲᠠ ᠶᠢᠨ ᠣᠬᠠᠭᠤᠯᠣᠯ ᠬᠦᠮᠦᠵᠢᠯ ᠢ ᠬᠦᠷᠲᠡᠭᠰᠡᠨ ᠠᠴᠠ ᠠᠩᠭᠢ ᠶᠢᠨ ᠤᠬᠠᠮᠰᠠᠷ ᠨᠢ ᠳᠡᠭᠡᠭᠰᠢᠯᠡᠵᠦ᠂ ᠬᠤᠪᠢᠰᠬᠠᠯ ᠤᠨ ᠲᠠᠨᠢᠯᠲᠠ ᠨᠢ ᠣᠯᠠᠮ ᠬᠦᠨᠵᠡᠭᠡᠶᠢᠷᠡᠵᠡᠢ᠃ ᠲᠡᠷᠡ ᠳᠠᠶᠢᠨ ᠪᠠᠶᠢᠯᠳᠣᠭᠠᠨ ᠳᠤ ᠡᠷᠡᠯᠬᠡᠭ ᠪᠠᠭᠠᠲᠣᠷᠯᠢᠭ ᠪᠦᠭᠡᠳ ᠠᠷᠭ᠎ᠠ ᠰᠠᠮᠪᠠᠭᠠᠲᠢ᠂ ᠬᠤᠷᠴᠠ ᠱᠠᠯᠠᠮᠠᠭᠠᠢ ᠪᠠᠶᠢᠳᠠᠭ ᠠᠴᠠ ᠭᠠᠪᠰᠢᠭᠠᠢ ᠰᠠᠶᠢᠨ ᠪᠠᠶᠢᠯᠳᠣᠭᠴᠢ ᠪᠤᠯᠤᠨ  ᠳᠠᠪᠳᠠᠭᠳᠠᠵᠤ᠂ 1926 ᠣᠨ ᠳᠤ ᠰᠠᠯᠠᠭᠠᠨ ᠳᠠᠷᠤᠭ᠎ᠠ ᠪᠠᠷ ᠳᠡᠪᠰᠢᠭᠦᠯᠦᠭᠳᠡᠵᠡᠢ᠃      1929 ᠤᠨ ᠤ 2 ᠰᠠᠷ᠎ᠠ ᠳᠤ ᠰᠢᠨᠡᠯᠠᠮ᠎ᠠ ᠬᠤᠣᠷᠯᠠᠭᠳᠠᠵᠣ᠂ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠴᠡᠷᠢᠭ ᠤᠨ 12 ᠳ᠋ᠣᠭᠠᠷ ᠬᠤᠷᠢᠶᠠᠨ ᠤ ᠣᠳᠣᠷᠢᠳᠬᠤ ᠡᠷᠬᠡ ᠬᠤᠪᠢᠰᠬᠠᠯ ᠤᠨ ᠡᠰᠡᠷᠭᠦᠦ ᠬᠦᠴᠦᠨ ᠳᠤ ᠡᠵᠡᠮᠳᠡᠭᠳᠡᠵᠦ᠂ ᠬᠤᠪᠢᠰᠬᠠᠯ ᠤᠨ ᠦᠷᠨᠢᠯᠲᠡ ᠪᠠᠭᠤᠷᠠᠪᠠ᠃ ᠯᠣᠷᠣᠢ ᠭᠤᠨᠢᠭ ᠬᠤᠷᠣᠰᠣᠯ ᠳᠠᠪᠬᠤᠴᠠᠵᠣ᠂  ᠠᠷᠭ᠎ᠠ ᠪᠤᠰᠤ ᠨᠣᠲᠤᠭ ᠲᠠᠭᠠᠨ ᠪᠣᠴᠠᠵᠣ ᠦᠢᠯᠡᠳᠪᠦᠷᠢᠯᠡᠯ ᠬᠦᠳᠡᠯᠮᠦᠷᠢ ᠳᠤ ᠣᠷᠣᠯᠴᠠᠪᠠ᠃ ᠬᠤᠵᠢᠮ ᠨᠢ ᠵᠠᠰᠠᠭ ᠬᠤᠰᠢᠭᠤᠨ ᠤ ᠠᠮᠣᠷ ᠢ ᠬᠠᠮᠠᠭᠠᠯᠠᠬᠤ ᠠᠩᠭᠢ ᠳᠤ ᠣᠷᠣᠵᠣ᠂ ᠨᠢᠭᠡᠳᠦᠭᠡᠷ ᠰᠣᠮᠣᠨ ᠤ ᠨᠢᠭᠡᠳᠦᠭᠡᠷ ᠰᠠᠯᠠᠭᠠᠨ ᠳᠠᠷᠤᠭ᠎ᠠ ᠪᠣᠯᠪᠠ᠃ ᠳᠠᠷᠠᠭ᠎ᠠ ᠨᠢ ᠦᠦᠰᠢᠨ ᠬᠤᠰᠢᠭᠤᠨ ᠳᠤ ᠬᠦᠷᠴᠦ ᠤᠤᠯ  ᠤᠨ ᠬᠤᠪᠢᠰᠬᠠᠯᠲᠣ ᠴᠡᠷᠢᠭ ᠲᠠᠬᠢ ᠵᠠᠰᠠᠭ ᠨᠣᠲᠤᠭ ᠲᠠᠢ ᠬᠤᠷᠢ ᠭᠠᠷᠣᠢ ᠬᠦᠮᠦᠨ ᠢ ᠦᠪᠡᠷ ᠤᠨ ᠰᠠᠯᠠᠭᠠᠨ ᠳᠠᠭᠠᠨ ᠣᠷᠣᠭᠤᠯᠣᠭᠠᠳ᠂ ᠡᠨᠡ ᠰᠠᠯᠠᠭ᠎ᠠ ᠴᠡᠷᠢᠭ ᠨᠢ ᠬᠤᠰᠢᠭᠤᠨ ᠤ ᠠᠮᠣᠷ ᠢ ᠬᠠᠮᠠᠭᠠᠯᠠᠬᠤ ᠠᠩᠭᠢ ᠶᠢᠨ ᠬᠠᠮᠤᠭ ᠤᠨ ᠬᠤᠷᠴᠠ ᠨᠢᠭᠡ ᠰᠠᠯᠠᠭ᠎ᠠ ᠴᠡᠷᠢᠭ ᠪᠤᠯᠤᠭᠰᠠᠨ ᠶᠣᠮ᠃      1943 ᠣᠨ ᠳᠤ᠂ ᠯᠣᠷᠣᠢ ᠸᠴᠢᠷᠪᠠᠲᠣ ᠨᠠᠷ ᠲᠠᠢ ᠵᠠᠰᠠᠭ ᠬᠤᠰᠢᠭᠤᠨ ᠤ ︽3·26︾ ᠤ ᠬᠡᠷᠡᠭ ᠬᠤᠪᠢᠰᠣᠯ ᠢ ᠵᠣᠬᠢᠶᠠᠨ ᠪᠠᠶᠢᠭᠤᠯᠣᠨ ᠣᠳᠣᠷᠢᠳᠪᠠ᠃ ᠯᠣᠷᠣᠢ ᠳᠠᠶᠢᠨ ᠪᠠᠶᠢᠯᠳᠣᠭᠠᠨ ᠳᠤ ᠪᠡᠶ᠎ᠡ ᠪᠠᠷ ᠢᠶᠠᠨ ᠲᠦᠷᠦᠭᠦᠯᠡᠨ᠂ ᠴᠡᠷᠢᠭ ᠠᠩᠭᠢ ᠪᠠᠨ ᠳᠠᠭᠠᠭᠠᠣᠯᠣᠨ ᠬᠠᠮᠤᠭ ᠲᠦᠷᠦᠭᠦᠨ ᠳᠤᠨᠢ ᠪᠠᠶᠢᠯᠳᠣᠵᠣ᠂ ᠳᠠᠶᠢᠰᠣᠨ ᠤ ᠶᠡᠭᠡ ᠬᠡᠮᠵᠢᠶᠡᠨ ᠤ ᠪᠤᠳᠠᠳᠣ ᠬᠦᠴᠦᠨ ᠢ ᠰᠦᠨᠦᠭᠡᠵᠡᠢ᠃ ᠲᠡᠷᠡ ᠬᠤᠪᠢᠰᠬᠠᠯᠲᠣ ᠲᠡᠮᠡᠴᠡᠯ ᠳᠤ ᠮᠠᠰᠢ ᠣᠯᠠᠨ ᠭᠠᠪᠢᠶ᠎ᠠ ᠵᠢᠳᠭᠦᠯ ᠦᠵᠡᠭᠦᠯᠵᠦ᠂ ᠠᠮᠣᠷ ᠢ ᠬᠠᠮᠠᠭᠠᠯᠠᠬᠤ ᠠᠩᠭᠢ ᠶᠢᠨ ᠨᠢᠭᠡᠳᠦᠭᠡᠷ ᠰᠣᠮᠣᠨ ᠤ ᠳᠠᠷᠤᠭ᠎ᠠ ᠪᠠᠷ ᠳᠡᠪᠰᠢᠭᠦᠯᠦᠭᠳᠡᠵᠡᠢ᠃      1944 ᠤᠨ ᠳᠤ ᠯᠤᠷᠤᠢ ᠭᠤᠮᠢᠨᠳᠠᠩ ᠤᠨ ᠴᠡᠷᠢᠭ ᠲᠤ ᠬᠠᠭᠤᠷᠳᠠᠭᠳᠠᠨ ᠪᠠᠷᠢᠪᠴᠢᠯᠠᠭᠳᠠᠵᠣ᠂ ᠫᠤᠤᠳᠠᠭᠳᠠᠨ ᠠᠯᠠᠭᠳᠠᠵᠠᠢ᠃ ᠲᠣᠰ ᠵᠢᠯ ᠨᠢ 43 ᠨᠠᠰᠣᠲᠠᠢ ᠪᠠᠶᠢᠪᠠ᠃                                                                          ᠢᠷᠡᠯᠲᠡ᠄ ᠠᠭᠤᠯᠭ᠎ᠠ ᠶᠢ ︽ᠬᠦᠬᠡ ᠮᠣᠩᠭᠤᠯ ᠤᠨ ᠣᠯᠠᠭᠠᠨ ᠲᠣᠭᠴᠢᠳ︾᠂                                                     ︽ᠣᠷᠳᠣᠰ ᠤᠨ ᠬᠤᠪᠢᠰᠬᠠᠯ ᠤᠨ ᠲᠡᠦᠬᠡ︾ ᠨᠣᠮ ᠠᠴᠠ ᠯᠠᠪᠯᠠᠪᠠ
ᠢᠷᠡᠯᠲᠡ᠄ ᠳ᠋ᠦᠩᠱᠧᠩ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠬᠡᠯᠡᠨ ᠤ ᠰᠦᠯᠵᠢᠶ᠎ᠡ