ᠸᠠᠩᠳᠠᠨᠨᠢᠮ᠎ᠠ ︵1872 --1926︶
ᠨᠡᠶᠢᠲᠡᠯᠡᠭᠰᠡᠨ ᠴᠠᠭ᠄
2023/5/25
      1872 ᠣᠨ ᠳᠤ ᠶᠡᠭᠡ ᠵᠤᠤ ᠶᠢᠨ ᠴᠢᠭᠤᠯᠭᠠᠨ ᠤ ᠵᠠᠰᠠᠭ ᠬᠤᠰᠢᠭᠤ ︵ᠣᠳᠣ ᠶᠢᠨ ᠡᠵᠡᠨ ᠬᠤᠷᠤᠭ᠎ᠠ ᠬᠤᠰᠢᠭᠤ︶ ᠶᠢᠨ ᠪᠤᠭᠤᠳᠤᠭ ᠤᠨ ᠰᠢᠯᠢ ᠳᠤ ᠲᠦᠷᠦᠵᠡᠢ᠃ ᠪᠠᠭ᠎ᠠ ᠨᠠᠰᠣᠨ ᠠᠴᠠ ᠪᠠᠨ ᠬᠦᠬᠡᠨᠠᠭᠤᠷ ᠮᠣᠵᠢ ᠶᠢᠨ ᠭᠤᠮᠪᠣᠨ᠂ ᠲᠦᠪᠡᠳ ᠤᠨ ᠯᠾᠰᠠ ᠵᠡᠷᠭᠡ ᠭᠠᠵᠠᠷ ᠲᠤ ᠬᠦᠷᠴᠦ ᠪᠢᠴᠢᠭ ᠨᠤᠮ ᠰᠣᠷᠴᠣ ᠪᠠᠶᠢᠭᠰᠠᠨ ᠪᠠ ᠲᠦᠷᠦᠯᠬᠢ ᠣᠢ ᠪᠢᠯᠢᠭ ᠰᠠᠶᠢᠲᠠᠢ ᠰᠣᠷᠣᠭᠰᠠᠨ ᠪᠦᠬᠦᠨ ᠢᠶᠠᠨ ᠲᠣᠭᠳᠠᠭᠠᠵᠣ᠂ ᠮᠤᠩᠭᠤᠯ ᠲᠦᠪᠡᠳ ᠬᠢᠳᠡᠳ ᠦᠰᠦᠭ ᠪᠢᠴᠢᠭ ᠪᠠ ᠱᠠᠰᠢᠨ ᠤ ᠨᠤᠮ  ᠳᠤ ᠨᠡᠪᠲᠡᠷᠡᠭᠰᠡᠨ ᠠᠴᠠ ᠬᠦᠮᠦᠰ ᠲᠡᠭᠦᠨ ᠢ ︽ᠪᠠᠨᠳᠢᠳᠠᠨ ᠭᠡᠭᠡᠨ︾ ᠬᠡᠮᠡᠨ ᠳᠠᠭᠤᠳᠠᠳᠠᠭ ᠪᠠᠶᠢᠪᠠ᠃ ᠲᠣᠬᠠᠢ ᠶᠢᠨ ᠦᠶ᠎ᠡ ᠳᠤ ᠹᠸᠤᠳᠠᠯ ᠤᠨ ᠨᠤᠶᠠᠷᠬᠠᠯ ᠤᠨ ᠳᠠᠷᠣᠯᠠᠯ ᠮᠦᠯᠵᠢᠯ ᠬᠡᠴᠡᠭᠦᠳᠡᠵᠦ᠂ ᠠᠷᠠᠳ ᠲᠦᠮᠡᠨ ᠤ ᠬᠤᠷᠣᠰᠣᠯ ᠵᠠᠨᠤᠯ ᠢ ᠳᠡᠭᠳᠡᠭᠡᠨ ᠵᠦᠷᠢᠴᠡᠯ ᠮᠦᠷᠭᠦᠯᠳᠦᠭᠡᠨ ᠣᠯᠠᠮ ᠠᠴᠠ ᠣᠯᠠᠮ ᠰᠢᠷᠦᠭᠦᠰᠴᠦ ᠪᠠᠶᠢᠭᠰᠠᠨ ᠪᠦᠭᠡᠳ 1900 ᠤᠨ ᠳᠤ ᠳᠣᠮᠳᠠᠳᠣ ᠣᠯᠣᠰ ᠲᠤ ᠡᠵᠡᠷᠬᠡᠭ ᠳᠦᠷᠢᠮᠡᠬᠡᠶᠢᠲᠡᠨ ᠪᠠ ᠮᠠᠨᠵᠣ ᠶᠢᠨ ᠨᠤᠶᠠᠷᠬᠠᠯ ᠢ ᠡᠰᠡᠷᠭᠦᠴᠡᠭᠰᠡᠨ ᠢ ᠾᠧ ᠲᠣᠸᠠᠨ ᠤ ᠬᠦᠳᠡᠯᠭᠡᠭᠡᠨ ᠡᠭᠦᠰᠦᠭᠰᠡᠨ ᠨᠢ ᠣᠷᠳᠣᠰ ᠤᠨ ᠡᠯ᠎ᠡ ᠬᠤᠰᠢᠭᠤᠨ ᠤ ᠣᠯᠠᠨ ᠲᠦᠮᠡᠨ ᠤ ᠪᠤᠰᠤᠯᠴᠠᠨ ᠲᠡᠮᠡᠴᠡᠬᠦ ᠳᠤ ᠵᠣᠷᠢᠭᠵᠢᠭᠤᠯᠣᠯ ᠪᠣᠯᠵᠣ᠂ ᠠᠷᠠᠳ ᠤᠨ ᠳᠣᠭᠤᠶᠢᠯᠠᠩ ᠤᠨ ᠬᠦᠳᠡᠯᠭᠡᠭᠡᠨ ᠵᠠᠯᠭ᠎ᠠ ᠵᠠᠯᠭᠠᠪᠠᠷ ᠡᠬᠢᠯᠡᠨ ᠦᠷᠨᠢᠵᠦ᠂ ᠸᠠᠩᠳᠠᠨᠨᠢᠮ᠎ᠠ ᠡᠨᠡᠬᠦ ᠬᠦᠳᠡᠯᠭᠡᠭᠡᠨ ᠳᠤ ᠢᠳᠡᠪᠬᠢᠲᠡᠢ ᠣᠷᠣᠯᠴᠠᠵᠣ ᠪᠠᠶᠢᠪᠠ᠃     1903 ᠤᠨ ᠤ ᠬᠠᠪᠣᠷ᠂ ᠣᠯᠠᠨ ᠲᠦᠮᠡᠨ ᠪᠦᠭᠦᠳᠡᠭᠡᠷ ᠢᠶᠠᠨ ᠸᠠᠩᠳᠠᠨᠨᠢᠮ᠎ᠠ ᠶᠢ ᠵᠠᠰᠠᠭ ᠬᠤᠰᠢᠭᠤᠨ ᠤ ︽ᠳᠣᠭᠤᠶᠢᠯᠠᠩ︾ ᠤᠨ ᠬᠦᠳᠡᠯᠭᠡᠭᠡᠨ ᠤ ᠣᠳᠣᠷᠢᠳᠣᠭᠴᠢ ᠪᠠᠷ ᠰᠣᠩᠭᠤᠪᠠ᠃ ᠡᠨᠡ ᠦᠶ᠎ᠡ ᠠᠴᠠ ᠡᠬᠢᠯᠡᠨ ᠸᠠᠩᠳᠠᠨᠨᠢᠮ᠎ᠠ ᠪᠤᠯᠤᠨ ᠮᠣᠩᠭᠤᠯ ᠬᠤᠰᠢᠭᠤᠨ ᠤ ᠸᠠᠩ ᠨᠣᠶᠠᠳ ᠤᠨ ᠬᠤᠭᠤᠷᠣᠨᠳᠣᠬᠢ ᠵᠦᠷᠢᠴᠡᠯ ᠶᠠᠪᠣᠬᠤ ᠳᠣᠳᠣᠮ ᠰᠢᠷᠦᠭᠦᠰᠴᠦ᠂ ᠸᠠᠩᠳᠠᠨᠨᠢᠮ᠎ᠠ ᠶᠢ ᠠᠮᠣᠷ ᠲᠠᠶᠢᠪᠣᠩ ᠪᠠᠶᠢᠯᠭᠠᠬᠤ ᠦᠭᠡᠢ ᠪᠤᠯᠤᠭᠰᠠᠨ ᠠᠴᠠ ᠠᠷᠭ᠎ᠠ ᠪᠤᠰᠤ 1903 ᠤᠨ ᠳᠤ ᠲᠡᠷᠡ ᠬᠤᠶᠠᠷ ᠱᠠᠪᠢ ᠪᠠᠨ ᠳᠠᠭᠠᠭᠤᠯᠣᠨ ᠶᠡᠭᠡ ᠵᠣᠣ ᠶᠢᠨ ᠴᠢᠭᠤᠯᠭᠠᠨ ᠤ ᠡᠯ᠎ᠡ ᠬᠤᠰᠢᠭᠤ ᠪᠠ ᠣᠯᠠᠭᠠᠨᠴᠠᠪ ᠠᠶᠢᠮᠠᠭ᠂ ᠴᠠᠬᠠᠷ ᠤᠨ ᠡᠯ᠎ᠡ ᠬᠤᠰᠢᠭᠤ᠂ ᠪᠣᠷᠣᠲᠣᠬᠤᠢ ᠵᠡᠷᠭᠡ ᠭᠠᠵᠠᠷ  ᠢᠶᠠᠷ ᠲᠣᠭᠤᠷᠢᠨ ᠶᠠᠪᠣᠪᠠ᠃ ︽ᠣᠯᠪᠣᠭ ᠢᠶᠠᠨ ᠴᠣᠭᠤᠷᠣᠲᠠᠯ᠎ᠠ ᠰᠠᠭᠤᠭᠰᠠᠨ ᠮᠡᠷᠭᠡᠨ ᠠᠴᠠ ᠣᠷᠴᠢᠯᠠᠩ ᠢ ᠲᠣᠭᠤᠷᠢᠭᠰᠠᠨ ᠮᠣᠩᠬᠠᠭ ᠳᠡᠭᠡᠷ᠎ᠡ︾ ᠭᠡᠳᠡᠭᠴᠢᠯᠡᠨ᠂ ᠢᠩᠭᠢᠵᠦ ᠭᠡᠰᠦᠵᠦ ᠲᠣᠭᠤᠷᠢᠵᠣ ᠶᠠᠪᠣᠭᠰᠠᠨ ᠸᠠᠩᠳᠠᠨᠨᠢᠮ᠎ᠠ ᠣᠯᠠᠮ ᠠᠴᠠ ᠣᠯᠠᠮ ᠴᠠᠭ ᠤᠨ ᠪᠠᠶᠢᠳᠠᠯ ᠳᠤ ᠰᠢᠨ᠎ᠡ ᠲᠠᠨᠢᠯᠲᠠ ᠲᠠᠢ ᠪᠣᠯᠵᠣ᠂ ᠰᠦᠨ ᠵᠦᠩ ᠱᠠᠨ ᠤ ᠠᠷᠠᠳᠴᠢᠯᠠᠭᠰᠠᠨ ᠬᠤᠪᠢᠰᠬᠠᠯ ᠤᠨ ᠦᠵᠡᠯ ᠰᠠᠨᠠᠭ᠎ᠠ ᠶᠢ ᠮᠠᠰᠢ ᠲᠦᠷᠭᠡᠨ ᠬᠦᠯᠢᠶᠡᠨ ᠠᠪᠴᠣ᠂ ᠵᠠᠰᠠᠭ ᠬᠤᠰᠢᠭᠤᠨ ᠤ ᠣᠯᠠᠨ ᠲᠦᠮᠡᠨ ᠳᠤ ᠬᠤᠪᠢᠰᠬᠠᠯ ᠤᠨ ᠵᠣᠷᠢᠯᠲᠠ ᠶᠢ ᠣᠬᠠᠭᠤᠯᠣᠨ᠂ ᠬᠦᠷᠦᠭᠰᠡᠨ  ᠭᠠᠵᠠᠷ ᠪᠦᠬᠦᠨ ᠳᠤ ᠪᠠᠨ ᠮᠠᠨᠵᠤ ᠴᠢᠩ ᠤᠨ ᠨᠣᠶᠠᠷᠬᠠᠯ ᠢ ᠡᠰᠡᠷᠭᠦᠴᠡᠭᠰᠡᠨ ᠬᠤᠪᠢᠰᠬᠠᠯᠲᠤ ᠲᠡᠮᠡᠴᠡᠯ ᠤᠨ ᠪᠠᠶᠢᠳᠠᠯ ᠢ ᠲᠠᠨᠢᠯᠴᠠᠭᠤᠯᠵᠣ᠂ ︽ᠳᠣᠭᠤᠶᠢᠯᠠᠩ︾ ᠤᠨ ᠬᠦᠳᠡᠯᠭᠡᠭᠡᠨ ᠢ ᠦᠷᠭᠦᠯᠵᠢᠯᠡᠨ ᠳᠠᠶᠢᠴᠢᠯᠠᠵᠣ ᠵᠣᠬᠢᠶᠠᠨ ᠪᠠᠶᠢᠭᠤᠯᠣᠨ᠂ ᠹᠸᠤᠳᠠᠯ ᠤᠨ ᠸᠠᠩ ᠭᠦᠩ ᠢᠵᠠᠭᠤᠷᠳᠠᠨ ᠢ ᠡᠰᠡᠷᠭᠦᠴᠡᠵᠦ ᠪᠠᠶᠢᠪᠠ᠃     1908 ᠣᠨ ᠳᠤ᠂ ᠸᠠᠩᠳᠠᠨᠨᠢᠮ᠎ᠠ᠂ ᠬᠠᠩᠭᠢᠨ ᠬᠤᠰᠢᠭᠤᠨ ᠤ ︽ᠳᠣᠭᠤᠶᠢᠯᠠᠩ︾ ᠤᠨ ᠬᠦᠳᠡᠯᠭᠡᠭᠡᠨ ᠤ ᠣᠳᠣᠷᠢᠳᠣᠭᠴᠢ ᠴᠠᠭᠠᠨᠪᠣᠯᠣᠳ ᠪᠣᠯᠣᠨ ᠳᠠᠯᠠᠳ ᠬᠤᠰᠢᠭᠤᠨ ᠤ ᠨᠠᠮᠵᠢᠯ ᠵᠡᠷᠭᠡ ᠬᠦᠮᠦᠰ ᠲᠠᠢ ᠬᠠᠮᠲᠣᠷᠠᠨ᠂ ᠬᠠᠩᠭᠢᠨ ᠬᠤᠰᠢᠭᠤ᠂ ᠳᠠᠯᠠᠳ ᠬᠤᠰᠢᠭᠤ ᠵᠢᠴᠢ ᠠᠯᠠᠱᠠᠨ ᠬᠤᠰᠢᠭᠤᠨ ᠤ ᠵᠡᠭᠦᠨ ᠬᠡᠰᠡᠭ ᠤᠨ ᠮᠠᠯᠴᠢᠳ  ᠢ ᠳᠠᠶᠢᠴᠢᠯᠠᠨ ᠣᠳᠣᠷᠢᠳᠴᠤ᠂ ︽ᠳᠣᠭᠤᠶᠢᠯᠠᠩ︾ ᠤᠨ ᠬᠦᠳᠡᠯᠭᠡᠭᠡᠨ ᠤ ᠬᠦᠴᠦᠨ ᠢ ᠤᠯᠠᠮ ᠪᠤᠵᠠᠭᠠᠶᠢᠷᠠᠭᠤᠯᠣᠨ ᠸᠠᠩ ᠨᠤᠶᠠᠳ ᠪᠠ ᠨᠣᠲᠤᠭ ᠤᠨ ᠬᠠᠷᠭᠢᠰᠴᠤᠳ  ᠲᠠᠢ ᠦᠷᠭᠦᠯᠵᠢᠯᠡᠨ ᠲᠡᠮᠡᠴᠡᠯ ᠶᠠᠪᠣᠭᠤᠯᠪᠠ᠃ᠸᠠᠩᠳᠠᠨᠨᠢᠮ᠎ᠠ᠂ ᠴᠠᠭᠠᠨᠪᠤᠯᠤᠳ ᠨᠠᠷ ᠤᠨ ᠳᠠᠶᠢᠴᠢᠯᠠᠨ ᠣᠳᠣᠷᠢᠳᠣᠭᠰᠠᠨ ︽ᠳᠣᠭᠤᠶᠢᠯᠠᠩ︾ ᠤᠨ ᠬᠦᠳᠡᠯᠭᠡᠭᠡᠨ ᠨᠢ ᠹᠸᠤᠳᠠᠯ ᠤᠨ ᠸᠠᠩ ᠬᠦᠩ ᠢᠵᠠᠭᠤᠷᠲᠠᠨ ᠤ ᠳᠡᠷᠰᠯᠡᠭᠦᠦ ᠨᠤᠶᠠᠷᠬᠠᠯ ᠳᠤ ᠬᠦᠴᠦᠲᠠᠢ ᠴᠣᠬᠢᠯᠲᠠ ᠦᠭᠭᠦᠭᠰᠡᠨ ᠠᠴᠠ ᠲᠡᠳᠡᠨ ᠤ ᠵᠠᠨᠤᠯ ᠬᠤᠷᠣᠰᠣᠯ ᠢ ᠳᠡᠭᠳᠡᠭᠡᠵᠦ᠂ ᠡᠯ᠎ᠡ ᠬᠤᠰᠢᠭᠤᠨ ᠤ ᠨᠤᠶᠠᠳ ᠲᠦᠰᠢᠮᠡᠳ᠂ ᠡᠷᠬᠡ ᠪᠠᠷᠢᠭᠴᠢᠳ᠂ ᠸᠠᠩᠳᠠᠨᠨᠢᠮ᠎ᠠ ᠴᠠᠭᠠᠨᠪᠤᠯᠤᠳ ᠢ ᠠᠷᠢᠯᠭᠠᠬᠤ ᠪᠠᠷ ᠬᠤᠣᠪᠢᠯᠳᠣᠵᠣ ᠡᠬᠢᠯᠡᠵᠡᠢ᠃     1913 ᠣᠨ ᠤ ᠪᠢᠯᠢᠭ ᠤᠨ ᠣᠯᠠᠷᠢᠯ ᠤᠨ 6 ᠰᠠᠷ᠎ᠠ ᠶᠢᠨ 1 ᠤ ᠡᠳᠦᠷ᠂ ᠶᠡᠭᠡ ᠵᠤᠤ ᠶᠢᠨ ᠴᠢᠭᠤᠯᠭᠠᠨ ᠶᠠᠮᠣᠨ ᠠᠴᠠ ᠸᠠᠩᠳᠠᠨᠨᠢᠮ᠎ᠠ᠂ ᠴᠠᠭᠠᠨᠪᠤᠯᠤᠳ ᠬᠤᠶᠠᠭᠤᠯᠠ ᠶᠢ ᠪᠠᠷᠢᠪᠴᠢᠯᠠᠵᠤ᠂ ᠠᠷᠠᠳ ᠣᠯᠠᠨ ᠤ ᠢᠳᠡᠭᠡᠯ ᠬᠦᠨᠳᠦᠳᠭᠡᠯ ᠢ ᠣᠯᠣᠭᠰᠠᠨ ᠸᠠᠩᠳᠠᠨᠨᠢᠮ᠎ᠠ ᠶᠢ ᠰᠢᠭᠤᠳ ᠰᠢᠳᠭᠡᠵᠦ ᠴᠢᠳᠠᠯ ᠦᠭᠡᠢ ᠶᠣᠸᠠᠨ ᠱᠢ ᠺᠠᠢ  ᠳᠤ ᠲᠣᠰᠢᠶᠠᠭᠰᠠᠨ ᠳᠤ᠂ ᠶᠣᠸᠠᠨ ᠱᠢ ᠺᠠᠢ ᠡᠷᠳᠡᠮ ᠮᠡᠳᠡᠯᠭᠡ ᠣᠬᠠᠭᠠᠨ ᠰᠠᠨᠠᠭ᠎ᠠ ᠣᠯᠠᠨ ᠠᠴᠠ ᠬᠡᠳᠦᠶᠢᠳᠦᠭᠰᠡᠨ ᠸᠠᠩᠳᠠᠨᠨᠢᠮ᠎ᠠ ᠶᠢ ᠮᠣᠩᠭᠤᠯ ᠴᠢᠭᠤᠯᠭᠠᠨ ᠬᠤᠰᠢᠭᠤᠳ ᠤᠨ ᠲᠦᠯᠦᠭᠡᠨ ᠤ ᠬᠦᠮᠦᠨ ᠢᠶᠠᠨ ᠪᠤᠯᠭᠠᠬᠤ ᠶᠢᠨ ᠲᠦᠯᠦᠭᠡ᠂ ᠬᠠᠭᠤᠷᠠᠢ ᠵᠠᠮ ᠤᠨ ᠴᠡᠷᠢᠭ ᠤᠨ ᠬᠤᠰᠢᠭᠤᠴᠢ ᠭᠧᠨᠧᠷᠡᠯ ᠴᠣᠯᠠ ᠲᠠᠢ ︽ᠴᠡᠷᠢᠭ ᠤᠨ ᠵᠦᠪᠯᠡᠭᠴᠢ︾ ᠪᠤᠯᠭᠠᠵᠤ᠂ ᠪᠡᠭᠡᠵᠢᠩ ᠤᠨ ᠠᠨ ᠳ᠋ᠢᠩ ᠮᠧᠨ ᠤ ᠭᠠᠳᠠᠨᠠᠬᠢ ᠾᠧ ᠰᠢᠶᠤᠤ ᠵᠢᠶᠠ ᠭᠤᠳᠣᠮᠵᠢ ᠶᠢᠨ ᠵᠢᠷᠭᠤᠳᠤᠭᠠᠷ ᠨᠣᠮᠧᠷ ᠲᠤ ᠰᠠᠭᠤᠯᠭᠠᠵᠤ ᠰᠣᠯᠠ ᠬᠤᠷᠢᠭᠰᠠᠨ ᠪᠠᠶᠢᠪᠠ᠃     1921 ᠣᠨ ᠪᠣᠯᠬᠤ ᠳᠤ ᠪᠡᠭᠡᠵᠢᠩ ᠳᠤ ᠨᠡᠯᠢᠶᠡᠳ ᠬᠡᠳᠦᠨ ᠵᠢᠯ ᠰᠠᠭᠤᠵᠣ᠂ ᠨᠡᠶᠢᠭᠡᠮ ᠣᠯᠣᠰ ᠲᠦᠷᠦ ᠶᠢᠨ ᠪᠠᠶᠢᠳᠠᠯ ᠳᠤ ᠪᠠᠭ᠎ᠠ ᠪᠤᠰᠤ ᠣᠶᠢᠯᠠᠭᠠᠯᠲᠠ ᠲᠠᠢ ᠪᠣᠯᠣᠭᠰᠠᠨ ᠸᠠᠩᠳᠠᠨᠨᠢᠮ᠎ᠠ᠂ ᠪᠡᠭᠡᠵᠢᠩ ᠳᠤ ᠰᠠᠭᠤᠵᠣ ᠪᠠᠶᠢᠭᠰᠠᠨ ᠣᠷᠣᠰ ᠤᠨ ᠸᠴᠢᠷᠤᠸ᠋᠂ ᠪᠦᠭᠦᠳᠡ ᠨᠠᠶᠢᠷᠠᠮᠳᠠᠬᠤ ᠳᠣᠮᠳᠠᠳᠣ ᠠᠷᠠᠳ ᠣᠯᠣᠰ ᠤᠨ ᠳᠣᠷᠵᠢ᠂ ᠨᠠᠰᠣᠨᠪᠠᠲᠣ᠂ ᠲᠣᠪᠴᠢᠨ᠂ ᠮᠠᠨ ᠤ ᠣᠯᠣᠰ ᠤᠨ ᠬᠠᠮᠤᠭ ᠠᠩᠬᠠᠨ ᠤ ᠮᠠᠷᠺᠰ ᠤᠨ ᠦᠵᠡᠯᠲᠡᠨ ᠯᠢ ᠳ᠋ᠠ ᠵᠤᠤ᠂ ᠨᠠᠮ ᠤᠨ ᠨᠢᠭᠤᠴᠠ ᠠᠵᠢᠯᠳᠠᠨ ᠵᠤᠤ ᠱᠢ ᠶᠠᠨ ᠵᠡᠷᠭᠡ ᠬᠦᠮᠦᠰ ᠲᠠᠢ ᠲᠠᠨᠢᠯᠴᠠᠵᠣ᠂ ᠮᠠᠷᠺᠰ ᠯᠧᠨᠢᠨ ᠤ ᠦᠵᠡᠯ ᠢ ᠣᠶᠢᠯᠠᠭᠠᠨ᠂ ᠣᠷᠣᠰ ᠪᠠ ᠮᠣᠩᠭᠤᠯ ᠣᠯᠣᠰ ᠲᠤ ᠠᠷᠠᠳ ᠤᠨ ᠬᠤᠪᠢᠰᠬᠠᠯ ᠦᠷᠨᠢᠭᠰᠡᠨ ᠪᠠᠶᠢᠳᠠᠯ  ᠢ ᠣᠯᠵᠣ ᠮᠡᠳᠡᠨ ᠂ ᠵᠠᠪᠰᠢᠶᠠᠨ ᠡᠷᠢᠨ ᠨᠦᠬᠦᠴᠡᠯ ᠪᠦᠷᠢᠯᠳᠦᠭᠦᠯᠵᠦ᠂ ᠡᠷᠲᠡ ᠨᠢᠭᠡᠨ ᠡᠳᠦᠷ ᠨᠣᠲᠤᠭ ᠲᠠᠭᠠᠨ ᠪᠣᠴᠠᠵᠣ ︽ᠳᠣᠭᠤᠶᠢᠯᠠᠩ︾ ᠤᠨ ᠭᠦᠳᠡᠯᠭᠡᠭᠡᠨ ᠢᠶᠠᠨ ᠳᠠᠬᠢᠨ ᠦᠷᠨᠢᠭᠦᠯᠬᠦ ᠪᠠᠷ ᠲᠦᠯᠦᠪᠯᠡᠵᠦ ᠪᠠᠶᠢᠪᠠ᠃     1925 ᠤᠨ ᠳᠤ ᠦᠪᠦᠷ ᠮᠣᠩᠭᠤᠯ ᠤᠨ ᠬᠤᠪᠢᠰᠬᠠᠯᠴᠢ ᠬᠦᠮᠦᠰ᠂ ᠯᠢ ᠳ᠋ᠠ ᠵᠤᠤ ᠨᠦᠬᠦᠷ ᠤᠨ ᠳᠡᠮᠵᠢᠯᠭᠡ ᠪᠡ ᠰᠠᠨᠠᠭᠠᠴᠢᠯᠠᠭ᠎ᠠ ᠪᠠᠷ᠂ ᠭᠤᠷᠪᠠᠳᠣᠭᠠᠷ ᠢᠨᠲ᠋ᠧᠷᠨᠠᠼᠢᠤᠨᠠᠯ ᠢᠶᠠᠷ ᠵᠦᠪᠰᠢᠶᠡᠷᠡᠭᠦᠯᠦᠨ᠂ ᠦᠪᠦᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠢ ᠪᠠᠶᠢᠭᠤᠯᠬᠤ ᠠᠵᠢᠯ ᠢ ᠡᠬᠢᠯᠡᠭᠦᠯᠵᠦ᠂ ᠪᠡᠯᠡᠳᠭᠡᠯ ᠬᠤᠷᠠᠯ   ᠬᠢᠨ ᠲᠦᠷ ᠴᠠᠭ ᠤᠨ ᠲᠦᠪ ᠬᠤᠷᠢᠶᠠᠨ ᠤ ᠣᠳᠣᠷᠢᠳᠬᠤ ᠪᠠᠶᠢᠭᠤᠯᠣᠮᠵᠢ ᠶᠢ ᠪᠠᠶᠢᠭᠤᠯᠪᠠ᠃ 1925 ᠣᠨ ᠤ 10 ᠰᠠᠷ᠎ᠠ ᠶᠢᠨ 27 ᠤ ᠡᠳᠦᠷ ᠴᠢᠭᠤᠯᠭᠠᠲᠣ ᠬᠠᠭᠠᠯᠭ᠎ᠠ ᠳᠤ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠨᠠᠮ ᠤᠨ ᠲᠦᠯᠦᠭᠡᠯᠡᠭᠴᠢᠳ ᠤᠨ ᠠᠩᠬᠠᠳᠣᠭᠠᠷ ᠬᠤᠭᠤᠴᠠᠭᠠᠨ ᠤ ᠬᠤᠷᠠᠯ ᠢ ᠬᠤᠷᠠᠯᠳᠣᠭᠤᠯᠣᠨ᠂ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠨᠠᠮ ᠵᠢᠩᠭᠢᠨᠢ ᠪᠠᠷ ᠪᠠᠶᠢᠭᠤᠯᠣᠭᠳᠠᠵᠣ᠂ ᠬᠤᠷᠠᠯ ᠳᠡᠭᠡᠷ᠎ᠡ ᠪᠠᠢ ᠶᠦᠨ ᠲᠢ ᠲᠦᠪ ᠬᠤᠷᠢᠶᠠᠨ ᠤ ᠳᠠᠷᠤᠭ᠎ᠠ᠂ ᠭᠦᠸᠧ ᠳ᠋ᠣᠣ ᠹᠦ᠋ ᠨᠠᠷᠢᠨ ᠪᠢᠴᠢᠭ ᠤᠨ ᠳᠠᠷᠤᠭ᠎ᠠ ᠪᠠᠷ ᠰᠣᠩᠭᠤᠭᠳᠠᠭᠰᠠᠨ ᠪᠦᠭᠡᠳ ᠸᠠᠩᠳᠠᠨᠨᠢᠮ᠎ᠠ᠂ ᠰᠢᠨᠡᠯᠠᠮ᠎ᠠ ᠨᠠᠷ ᠲᠦᠪ ᠬᠤᠷᠢᠶᠠᠨ ᠤ  ᠭᠦᠢᠴᠡᠳᠭᠡᠭᠴᠢ ᠬᠡᠰᠢᠭᠦᠨ  ᠢᠶᠠᠷ ᠰᠣᠩᠭᠤᠭᠳᠠᠪᠠ᠃     ᠭᠤᠷᠪᠠᠳᠣᠭᠠᠷ ᠢᠨᠲ᠋ᠧᠷᠨᠠᠼᠢᠤᠨᠠᠯ᠂ ᠳᠣᠮᠳᠠᠳᠣ ᠣᠯᠣᠰ ᠤᠨ ᠡᠪ ᠬᠠᠮᠲᠣ ᠨᠠᠮ ᠬᠢᠭᠡᠳ ᠹᠧᠩ ᠢᠦᠢ ᠰᠢᠶᠠᠩ ᠤᠨ ᠢᠳᠡᠪᠬᠢᠲᠡᠢ ᠳᠡᠮᠵᠢᠯᠭᠡ ᠳᠣᠣᠷ᠎ᠠ᠂ ᠸᠠᠩᠳᠠᠨᠨᠢᠮ᠎ᠠ 1926 ᠤᠨ ᠳᠤ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠴᠡᠷᠢᠭ ᠤᠨ ᠶᠡᠷᠦᠩᠭᠡᠢ ᠰᠧᠯᠢᠩ ᠪᠤᠯᠪᠠ᠃ ᠮᠦᠨ ᠵᠢᠯ ᠤᠨ 7 ᠰᠠᠷ᠎ᠠ ᠳᠤ ᠸᠠᠩᠳᠠᠨᠨᠢᠮ᠎ᠠ ᠶᠢ ᠰᠦᠢᠶᠤᠸᠠᠨ ᠤ ᠬᠠᠷᠢᠶᠠᠲᠣ ᠮᠣᠩᠭᠤᠯ ᠬᠤᠰᠢᠭᠤᠳ ᠤᠨ ᠠᠷᠠᠳ ᠤᠨ ᠴᠡᠷᠢᠭ ᠢ ᠵᠠᠬᠢᠷᠴᠤ ᠬᠠᠮᠠᠭᠠᠯᠠᠨ ᠰᠠᠬᠢᠬᠤ ᠰᠧᠯᠢᠩ ᠪᠤᠯᠭᠠᠨ ᠲᠣᠮᠢᠯᠠᠪᠠ᠃     1925 ᠣᠨ ᠤ 8 ᠰᠠᠷ᠎ᠠ ᠳᠤ᠂ ᠸᠠᠩᠳᠠᠨᠨᠢᠮ᠎ᠠ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠴᠡᠷᠢᠭ ᠢᠶᠠᠨ ᠳᠠᠭᠠᠭᠤᠯᠣᠨ᠂ ᠪᠦᠬᠦ ᠣᠯᠣᠰ ᠤᠨ ᠶᠡᠭᠡ ᠬᠤᠪᠢᠰᠬᠠᠯ ᠤᠨ ᠬᠦᠳᠡᠯᠭᠡᠭᠡᠨ ᠤ ᠳᠠᠪᠠᠯᠭᠠᠨ ᠢ ᠠᠰᠢᠭᠯᠠᠨ ᠣᠷᠳᠣᠰ ᠲᠤ ᠵᠡᠪᠰᠡᠭᠲᠦ ᠲᠡᠮᠡᠴᠡᠯ ᠦᠷᠨᠢᠭᠦᠯᠬᠦ ᠪᠠᠷ ᠪᠣᠴᠠᠬᠤ ᠵᠠᠮ ᠳᠤᠨᠢ ᠲᠣᠳᠣᠭᠠᠲᠣ ᠶᠢᠨ ᠵᠠᠯᠢᠬᠠᠢ ᠲᠣᠩᠮᠢᠳ ᠭᠠᠯᠰᠠᠩᠶ᠋ᠢᠰᠢ ᠨᠠᠷ ᠰᠦᠯᠪᠡᠭᠡᠯᠡᠨ ᠣᠣᠭᠤᠬᠤ ᠣᠰᠣᠨ ᠳᠤᠨᠢ ᠬᠤᠣᠷ ᠬᠢᠵᠦ ᠬᠤᠣᠷᠯᠠᠨ ᠠᠯᠠᠵᠠᠢ᠂ ᠲᠣᠰ ᠵᠢᠯ ᠳᠤ ᠸᠠᠩᠳᠠᠨᠨᠢᠮ᠎ᠠ ᠲᠠᠪᠢᠨ ᠳᠦᠷᠪᠡᠲᠡᠢ ᠪᠠᠶᠢᠪᠠ᠃     ᠸᠠᠩᠳᠠᠨᠨᠢᠮ᠎ᠠ ᠪᠣᠯ ᠶᠡᠭᠡ ᠵᠤᠤ ᠶᠢᠨ ᠴᠢᠭᠤᠯᠭᠠᠨ ᠤ ᠠᠷᠠᠳᠴᠢᠯᠠᠭᠰᠠᠨ ᠬᠤᠪᠢᠰᠬᠠᠯ ᠤᠨ ᠦᠶ᠎ᠡ ᠶᠢᠨ ᠠᠯᠳᠠᠷᠲᠣ ᠣᠳᠣᠷᠢᠳᠣᠭᠴᠢ ᠶᠢᠨ ᠨᠢᠭᠡ ᠪᠤᠯᠬᠤ ᠪᠦᠭᠡᠳ ᠦᠪᠦᠷ ᠮᠣᠩᠭᠤᠯ ᠤᠨ ᠣᠷᠴᠢᠨ ᠦᠶ᠎ᠡ ᠶᠢᠨ ᠲᠡᠦᠬᠡᠨ ᠳᠡᠭᠡᠷᠡᠬᠢ ᠭᠠᠷᠮᠠᠭᠠᠢ ᠣᠯᠣᠰ ᠲᠦᠷᠦᠴᠢᠨ ᠪᠠ ᠴᠡᠷᠢᠭ ᠤᠨ ᠶᠠᠪᠣᠳᠠᠯ ᠤᠨ ᠵᠢᠳᠭᠦᠯᠲᠡᠨ᠂ ᠲᠡᠭᠦᠨ ᠤ ᠬᠤᠪᠢᠰᠬᠠᠯ ᠤᠨ ᠦᠢᠯᠡᠰ ᠲᠤ ᠦᠵᠡᠭᠦᠯᠦᠭᠰᠡᠨ ᠭᠠᠪᠢᠶ᠎ᠠ ᠵᠢᠳᠭᠦᠯ ᠲᠡᠦᠬᠡᠨ ᠳᠤ ᠦᠨᠢᠳᠡ  ᠡᠭᠦᠷᠢᠳᠡ ᠪᠠᠯᠠᠷᠠᠰᠢ ᠦᠭᠡᠢ ᠶᠣᠮ᠃                                           ᠢᠷᠡᠯᠲᠡ᠄ ᠠᠭᠤᠯᠭ᠎ᠠ ᠶᠢ ︽ᠬᠦᠬᠡ ᠮᠣᠩᠭᠤᠯ ᠤᠨ ᠣᠯᠠᠭᠠᠨ ᠲᠣᠭᠴᠢᠳ︾᠂                                                     ︽ᠣᠷᠳᠣᠰ ᠤᠨ ᠬᠤᠪᠢᠰᠬᠠᠯ ᠤᠨ ᠲᠡᠦᠬᠡ︾ ᠨᠣᠮ ᠠᠴᠠ ᠯᠠᠪᠯᠠᠪᠠ 
ᠢᠷᠡᠯᠲᠡ᠄ ᠳ᠋ᠦᠩᠱᠧᠩ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠠᠯᠪᠠᠨ ᠰᠦᠯᠵᠢᠶ᠎ᠡ