ᠡᠩᠬᠡᠮᠠᠩᠯᠠᠢ ︵1904 —1943︶
ᠨᠡᠶᠢᠲᠡᠯᠡᠭᠰᠡᠨ ᠴᠠᠭ᠄
2023/5/19
      ᠡᠩᠬᠡᠮᠠᠩᠯᠠᠢ᠂ ᠮᠣᠩᠭᠤᠯ ᠦᠨᠳᠦᠰᠦᠲᠡᠨ᠂ ᠶᠡᠭᠡ ᠵᠤᠤ ᠶᠢᠨ ᠴᠢᠭᠤᠯᠭᠠᠨ ᠤ ᠦᠦᠰᠢᠨ ᠬᠤᠰᠢᠭᠤᠨ ᠤ ᠭᠠᠯᠠᠭᠤᠲᠤ ᠰᠤᠮᠤᠨ ᠤ ᠲᠡᠮᠦᠷᠠᠤᠪᠤᠭ᠎ᠠ ᠶᠢᠨ ᠮᠠᠯᠴᠢᠨ ᠪᠠᠲᠣᠪᠢᠯᠢᠭ᠌ ᠤᠨ ᠭᠡᠷ ᠲᠤ ᠲᠦᠷᠦᠵᠡᠢ᠃      ᠪᠠᠭ᠎ᠠ ᠨᠠᠰᠤᠨ ᠳᠠᠭᠠᠨ ᠪᠢᠴᠢᠭ ᠡᠷᠳᠡᠮ ᠨᠢᠳᠦᠯᠡᠵᠦ᠂ ᠵᠠᠯᠠᠭᠤ ᠨᠠᠰᠤᠨ ᠠᠴᠠ ᠡᠬᠢᠯᠡᠨ ᠡᠴᠢᠭᠡ ᠪᠠᠲᠣᠪᠢᠯᠢᠭ᠌ ᠢᠶᠠᠨ ᠳᠠᠭᠠᠵᠤ ᠰᠢᠨᠡᠯᠠᠮ᠎ᠠ ᠶᠢᠨ ᠴᠡᠷᠢᠭ ᠲᠤ ᠣᠷᠣᠯᠴᠠᠪᠠ᠃ 1931 ᠣᠨ ᠠᠴᠠ ᠡᠬᠢᠯᠡᠨ᠂ ᠦᠪᠦᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠰᠡᠭᠦᠯᠴᠢ ᠶᠢᠨ ᠦᠶ᠎ᠡ ᠶᠢᠨ ᠣᠳᠣᠷᠢᠳᠣᠭᠴᠢ ᠪᠠᠲᠣᠰᠡᠷᠡᠩ᠂ ᠳᠣᠷᠵᠢᠸᠠᠩᠴᠤᠭ ᠤᠨ ᠣᠳᠣᠷᠢᠳᠣᠯᠭ᠎ᠠ ᠳᠣᠣᠷ᠎ᠠ᠂ ᠨᠠᠶᠢᠷᠠᠯᠲᠣ᠂ ᠳᠣᠪᠴᠢᠨᠳᠣᠷᠵᠢ ᠨᠠᠷ ᠲᠠᠢ ᠬᠠᠮᠲᠣ ᠨᠢᠭᠤᠴᠠ ᠠᠵᠢᠯᠯᠠᠭ᠎ᠠ ᠬᠢᠵᠦ᠂ ᠶᠠᠫᠤᠨ ᠡᠵᠡᠷᠬᠡᠭ ᠳᠦᠷᠢᠮᠡᠬᠡᠶᠢᠲᠡᠨ ᠢ ᠡᠰᠡᠷᠭᠦᠴᠡᠨ᠂ ᠭᠤᠮᠢᠨᠳᠠᠩ ᠤᠨ ᠭᠠᠶᠢᠯᠢ ᠭᠤᠪᠴᠢᠭᠤᠷ ᠢ ᠡᠰᠡᠷᠭᠦᠴᠡᠵᠦ᠂ ᠮᠦᠩᠬᠡᠨ᠋ᠦ᠋ᠯᠵᠢ ᠶᠢᠨ ᠣᠷᠪᠠᠭᠴᠢ ᠠᠵᠢᠯᠯᠠᠭ᠎ᠠ ᠶᠢ ᠢᠯᠡᠴᠢᠯᠡᠨ ᠵᠠᠭᠠᠯᠳᠣᠭᠰᠠᠨ ︽ᠮᠣᠩᠭᠤᠯ ᠬᠤᠰᠢᠭᠤᠳ ᠤᠨ ᠠᠷᠪᠠᠳ ᠤᠨ ᠰᠡᠳᠭᠦᠯ︾ ᠢ ᠨᠡᠶᠢᠲᠡ 5 ᠬᠤᠭᠤᠴᠠᠭ᠎ᠠ ᠬᠡᠪᠯᠡᠨ ᠲᠠᠷᠬᠠᠭᠠᠪᠠ᠃ 1935 ᠤᠨ ᠤ 5 ᠰᠠᠷ᠎ᠠ ᠶᠢᠨ 1 ᠤ ᠡᠳᠦᠷ᠂ ᠨᠠᠰᠣᠨᠳᠡᠯᠭᠡᠷ ᠠᠴᠠ ᠮᠦᠩᠬᠡᠨ᠋ᠦ᠋ᠯᠵᠢ ᠶᠢᠨ ᠴᠡᠷᠢᠭ ᠤᠨ ᠡᠷᠭᠡ ᠶᠢ ᠪᠤᠯᠢᠶᠠᠨ ᠠᠪᠤᠭᠰᠠᠨ ᠬᠡᠷᠡᠭ ᠬᠤᠪᠢᠰᠤᠯ ᠢ ᠡᠭᠦᠰᠭᠡᠭᠰᠡᠨ ᠳᠤ᠂ ᠡᠩᠬᠡᠮᠠᠩᠯᠠᠢ ᠪᠠᠲᠣᠰᠡᠷᠡᠩ ᠢ ᠳᠠᠭᠠᠵᠤ ᠢᠳᠡᠪᠬᠢᠲᠡᠢ ᠣᠷᠣᠯᠴᠠᠭᠰᠠᠨ ᠪᠠᠶᠢᠨ᠎ᠠ᠃ ᠬᠡᠷᠡᠭ ᠬᠤᠪᠢᠰᠤᠯ ᠤᠨ ᠳᠠᠷᠠᠭ᠎ᠠ᠂ ᠪᠠᠲᠣᠰᠡᠷᠡᠩ ᠵᠡᠭᠦᠨ ᠪᠡᠶ᠎ᠡ ᠶᠢᠨ ᠴᠡᠷᠢᠭ ᠤᠨ ᠶᠡᠭᠡ ᠠᠩᠭᠢ ᠶᠢᠨ ᠳᠠᠷᠤᠭ᠎ᠠ ᠪᠤᠯᠵᠤ᠂ ᠡᠩᠭᠡᠮᠠᠩᠯᠠᠢ ᠳᠡᠳ᠋ ᠳᠠᠷᠤᠭ᠎ᠠ ᠪᠤᠯᠪᠠ᠃ 1943 ᠤᠨ ᠳᠤ᠂ ᠡᠩᠭᠡᠮᠡᠩᠯᠡᠢ ᠬᠤᠰᠢᠭᠤ ᠶᠢᠨ ᠠᠮᠣᠷ ᠢ ᠬᠠᠮᠠᠭᠠᠯᠠᠬᠤ ᠬᠤᠶᠠᠳᠣᠭᠠᠷ ᠶᠡᠭᠡ ᠠᠩᠭᠢ ᠶᠢᠨ ᠲᠣᠰᠢᠶᠠᠯ ᠢ ᠬᠠᠷᠢᠭᠤᠴᠠᠵᠤ᠂ ᠨᠢᠭᠡᠳᠦᠭᠡᠷ ᠶᠡᠭᠡ ᠠᠩᠭᠢ ᠶᠢᠨ ᠳᠠᠷᠤᠭ᠎ᠠ ᠪᠠᠶᠢᠭᠰᠠᠨ ᠬᠠᠨᠢᠤᠮᠠᠩᠷᠠ ᠲᠠᠢ ᠨᠢᠭᠲᠠ ᠬᠠᠷᠢᠴᠠᠭ᠎ᠠ ᠲᠠᠢ ᠪᠤᠯᠤᠭᠰᠠᠨ ᠪᠠᠶᠢᠨ᠎ᠠ᠃ ᠲᠡᠷᠡ ᠴᠧᠨ ᠴᠠᠩ ᠵᠢᠶᠧ ᠶᠢᠨ ᠳᠠᠷᠣᠯᠠᠯ ᠤᠨ ᠲᠦᠷᠦ ᠶᠢᠨ ᠪᠤᠳᠤᠯᠭ᠎ᠠ ᠳᠤ ᠲᠣᠶᠢᠯ ᠤᠨ ᠳᠣᠷ᠎ᠠ ᠦᠭᠡᠶᠢᠴᠡᠵᠦ᠂ ᠬᠠᠨᠢᠤᠮᠠᠩᠷᠠ ᠶᠢ ᠴᠤᠤᠷᠢᠶᠠᠲᠣᠨ ᠳᠠᠭᠠᠵᠤ᠂ ᠪᠣᠰᠣᠯᠭ᠎ᠠ ᠭᠠᠷᠭᠠᠬᠤ ᠪᠡᠯᠡᠳᠭᠡᠯ ᠢ ᠢᠳᠡᠪᠬᠢᠲᠡᠢ ᠬᠢᠵᠦ ᠡᠬᠢᠯᠡᠭᠰᠡᠨ ᠪᠠᠶᠢᠪᠠ᠃ 4 ᠰᠠᠷ᠎ᠠ ᠶᠢᠨ 14 ᠤ ᠡᠳᠦᠷ᠂ ᠡᠩᠭᠡᠮᠠᠩᠯᠠᠢ ᠴᠡᠷᠢᠭ ᠵᠢᠯᠤᠭᠤᠳᠤᠨ ︵ᠠᠩᠭᠢ ᠶᠢᠨ ᠳᠠᠷᠤᠭ᠎ᠠ ᠡᠷᠳᠡᠨᠢᠳᠣᠭᠳᠣᠬᠤ ᠲᠣᠳᠠᠭᠠᠨ ᠶᠠᠪᠣᠭᠰᠠᠨ ᠲᠣᠯᠠ᠂ ᠲᠡᠷᠡ ᠭᠤᠣᠯ ᠣᠳᠣᠷᠢᠳᠣᠯᠭ᠎ᠠ ᠪᠣᠯᠪᠠ︶ ᠬᠠᠨᠢᠤᠮᠠᠩᠷᠠ ᠴᠡᠷᠢᠭ ᠳᠠᠭᠠᠭᠤᠯᠣᠨ ᠢᠷᠡᠬᠦ  ᠠᠴᠠ ᠡᠮᠦᠨ᠎ᠡ ᠣᠷᠢᠳᠴᠢᠯᠠᠨ ᠭᠠᠷ ᠬᠦᠳᠡᠯᠦᠭᠡᠳ ᠭᠤᠮᠢᠨᠳᠠᠩ ᠤᠨ ᠲᠠᠩᠨᠠᠭᠤᠯ ᠢ ᠴᠦᠮ ᠪᠠᠷᠢᠪᠴᠢᠯᠠᠨ ᠠᠪᠴᠠᠢ᠃ ᠪᠤᠰᠤᠯᠭ᠎ᠠ ᠶᠢᠨ ᠳᠠᠷᠠᠭ᠎ᠠ᠂ ᠡᠩᠭᠡᠮᠠᠩᠯᠠᠢ ᠵᠦᠪᠯᠡᠭᠴᠢ ᠶᠢᠨ ᠳᠠᠷᠤᠭ᠎ᠠ ᠪᠤᠯᠵᠤ᠂ ᠴᠡᠷᠢᠭ ᠤᠨ ᠶᠠᠪᠣᠳᠠᠯ ᠢ ᠭᠤᠣᠯᠴᠢᠯᠠᠨ ᠣᠳᠣᠷᠢᠳᠪᠠ᠃      5 ᠰᠠᠷ᠎ᠠ ᠶᠢᠨ 10 ᠤ ᠡᠳᠦᠷ᠂ ᠪᠣᠰᠣᠯᠭ᠎ᠠ ᠶᠢᠨ ᠴᠡᠷᠢᠭ ᠠᠯᠠᠭᠳᠣᠯᠣᠭᠠᠢ ᠳᠤ ᠾᠧ ᠸᠧᠨ ᠳ᠋ᠢᠩ ᠤᠨ ᠪᠦᠯᠦᠭ ᠲᠠᠢ ᠲᠣᠯᠣᠯᠳᠣᠭᠠᠳ ᠬᠤᠬᠢᠷᠠᠯ ᠳᠤ ᠣᠴᠠᠷᠠᠵᠤ᠂ ᠡᠩᠭᠡᠮᠠᠩᠯᠠᠢ ᠴᠡᠷᠢᠭ ᠢ ᠵᠢᠯᠤᠭᠤᠳᠤᠨ ᠪᠠᠲᠣ ᠶᠢᠨ ᠲᠣᠬᠤᠢ ᠵᠦᠭ ᠣᠬᠤᠷᠢᠨ ᠣᠴᠢᠪᠠ᠃ ᠦᠳᠡᠰᠢ ᠨᠢ ᠲᠣᠯᠢ ᠶᠢᠨ ᠴᠠᠶᠢᠳᠠᠮ ᠤᠨ ᠪᠠᠷᠠᠭᠤᠨᠳᠡᠬᠢ ᠳ᠋ᠢᠮᠤ  ᠶᠢᠨ ᠭᠡᠷ ᠲᠤ ᠬᠤᠨᠣᠭᠯᠠᠬᠤ ᠪᠠᠷ ᠪᠡᠯᠡᠳᠭᠡᠵᠦ ᠪᠠᠶᠢᠬᠤ ᠳᠤ ᠪᠠᠨ ᠡᠩᠭᠡᠮᠠᠩᠯᠠᠢ ᠷᠠᠳᠨᠠᠪᠠᠽᠠᠷ ᠤᠨ ᠪᠦᠯᠦᠭ ᠤᠨ ᠣᠷᠪᠠᠭᠴᠢ ᠳᠤ ᠨᠢᠭᠤᠴᠠ ᠪᠠᠷ  ᠫᠤᠤᠳᠠᠭᠳᠠᠨ ᠬᠤᠣᠷᠯᠠᠭᠳᠠᠵᠠᠢ᠃ ᠲᠣᠰ ᠵᠢᠯ ᠨᠢ 39 ᠨᠠᠰᠣᠲᠠᠢ ᠪᠠᠶᠢᠪᠠ᠃    ︽ᠤᠷᠳᠤᠰ ᠤᠨ ᠬᠤᠪᠢᠰᠬᠠᠯ ᠤᠨ ᠳᠡᠤᠬᠡ︾  ᠠᠴᠠ ᠨᠠᠶᠢᠷᠠᠭᠤᠯᠪᠠ 
ᠢᠷᠡᠯᠲᠡ᠄ ᠳᠤᠰ ᠰᠦᠯᠵᠢᠶ᠎ᠡ