ᠱᠢ ᠰᠢᠶᠠᠨ ᠵᠧᠦ
ᠨᠡᠶᠢᠲᠡᠯᠡᠭᠰᠡᠨ ᠴᠠᠭ᠄
2023/4/27
      ᠱᠢ ᠰᠢᠶᠠᠨ ᠵᠧᠦ᠂ ᠨᠡᠷ᠎ᠡ ᠪᠦ᠋ ᠶᠢᠩ᠂ ᠡᠷᠡᠭᠲᠡᠢ᠂ ᠬᠢᠲᠠᠳ ᠦᠨᠳᠦᠰᠦᠲᠡᠨ᠂ 1901 ᠣᠨ ᠳᠤ ᠱᠠᠨᠰᠢ ᠮᠤᠵᠢ ᠶᠢᠨ ᠰᠠᠶᠢᠨᠳᠣᠷ᠎ᠠ ᠰᠢᠶᠠᠨ ᠤ ᠭᠤᠤ ᠵᠢᠶᠠ ᠪᠦᠦ ᠶᠢᠨ ᠨᠢᠭᠡᠨ ᠶᠠᠳᠠᠭᠤ ᠬᠦᠴᠢᠷᠳᠡᠯᠲᠡᠢ ᠭᠡᠷ ᠪᠦᠯᠢ ᠳᠤ ᠲᠦᠷᠦᠵᠡᠢ᠃      1922 ᠣᠨ ᠳᠤ ᠵᠢᠢ ᠳ᠋ᠧᠩ ᠺᠦᠢ ᠶᠢᠨ ᠲᠠᠨᠢᠯᠴᠠᠭᠤᠯᠭ᠎ᠠ ᠪᠠᠷ ᠲᠠᠶᠢᠶᠤᠸᠠᠨ ᠳᠤ ᠨᠡᠶᠢᠭᠡᠮ ᠵᠢᠷᠤᠮ ᠤᠨ ᠵᠠᠯᠠᠭᠤᠴᠤᠳ ᠤᠨ ᠡᠪᠯᠡᠯ ᠳᠤ ᠣᠷᠣᠪᠠ᠃ 1923 ᠣᠨ ᠤ ᠨᠠᠮᠤᠷ᠂ ᠳᠤᠮᠳᠠᠳᠤ ᠰᠤᠷᠭᠠᠭᠤᠯᠢ ᠪᠠᠨ ᠲᠡᠭᠦᠰᠬᠡᠭᠡᠳ ᠨᠤᠲᠤᠭ ᠲᠠᠭᠠᠨ ᠪᠤᠴᠠᠵᠤ᠂ ᠳᠠᠷᠠᠭ᠎ᠠ ᠵᠢᠯ ᠳᠤᠨᠢ ᠰᠠᠶᠢᠨᠳᠣᠷ᠎ᠠ ᠰᠢᠶᠠᠨ ᠤ ᠨᠢᠭᠡᠳᠦᠭᠡᠷ ᠳᠡᠭᠡᠳᠦ  ᠵᠡᠷᠭᠡ  ᠶᠢᠨ ᠪᠠᠭ᠎ᠠ ᠰᠤᠷᠭᠠᠭᠤᠯᠢ ᠶᠢᠨ ᠠᠩᠭ᠍ᠯᠢ ᠬᠡᠯᠡᠨ ᠤ ᠪᠠᠭᠰᠢ ᠪᠠᠷ ᠠᠵᠢᠯᠯᠠᠭᠰᠠᠨ ᠪᠥᠭᠡᠳ ᠭᠤᠮᠢᠨᠳᠠᠩ ᠤᠨ ᠰᠠᠶᠢᠨᠳᠣᠷ᠎ᠠ ᠰᠢᠶᠠᠨ ᠤ ᠱᠲ᠋ᠠᠪ ᠤᠨ ᠳᠠᠷᠤᠭ᠎ᠠ ᠪᠠᠷ ᠰᠣᠩᠭᠤᠭᠳᠠᠪᠠ᠃ 1924 ᠣᠨ ᠳᠤ ᠡᠪ ᠬᠠᠮᠲᠤ ᠨᠠᠮ ᠤᠨ ᠭᠡᠰᠢᠭᠦᠨ ᠪᠣᠯᠵᠤ᠂ ᠲᠠᠷᠠᠭ᠎ᠠ ᠵᠢᠯ ᠨᠢ ᠹᠧᠩ ᠢᠦᠢ ᠰᠢᠶᠠᠩ ᠤᠨ ᠢᠷᠭᠡᠨ ᠤ ᠴᠡᠷᠢᠭ ᠲᠤ ᠣᠷᠣᠵᠣ᠂ ᠬᠤᠵᠢᠮ ᠨᠢ ᠾᠧᠨᠠᠨ ᠤ ᠬᠤ᠋ ᠯᠢᠶᠧ ᠱᠧᠩ ᠤᠨ ᠳᠣᠣᠷ᠎ᠠ ᠲᠤᠰᠠᠭᠠᠷ ᠪᠠᠷᠢᠭᠠᠳᠠ ᠶᠢᠨ ᠳᠠᠷᠤᠭ᠎ᠠ ᠪᠣᠯᠪᠠ᠃ 1927 ᠣᠨ ᠳᠤ᠂ ᠵᠢᠶᠠᠩ ᠵᠢᠶᠧ ᠱᠢ ᠬᠤᠪᠢᠰᠬᠠᠯ ᠠᠴᠠ ᠤᠷᠪᠠᠵᠤ᠂ ᠹᠧᠩ ᠢᠦᠢ ᠰᠢᠶᠠᠩ ᠴᠤ ᠡᠪ ᠬᠠᠮᠲᠤ ᠨᠠᠮ ᠢ ᠡᠰᠡᠷᠭᠦᠴᠡᠬᠦ ᠬᠠᠨᠳᠤᠰᠢ ᠲᠠᠢ ᠪᠣᠯᠪᠠ᠃ ᠱᠢ ᠰᠢᠶᠠᠨ ᠵᠧᠦ ᠶᠢᠨ ᠲᠤᠰᠠᠭᠠᠷ ᠪᠠᠷᠢᠭᠠᠳᠠ ᠶᠢᠨ ᠰᠠᠭᠤᠭ᠎ᠠ ᠭᠠᠵᠠᠷ ᠪᠤᠯᠬᠤ ᠾᠧᠨᠠᠨ ᠤ ᠵᠦ ᠮᠠ ᠳ᠋ᠢᠶᠠᠨ ᠭᠡᠨᠡᠳᠲᠡ ᠳᠠᠶᠢᠰᠤᠨ ᠳᠤ ᠪᠦᠰᠡᠯᠡᠭᠳᠡᠵᠦ᠂ ᠴᠥᠭᠡᠨ ᠢᠶᠠᠷ ᠤᠯᠠᠨ ᠢ ᠢᠯᠠᠵᠤ ᠳᠡᠶᠢᠯᠦᠭᠰᠡᠨ ᠦᠭᠡᠢ ᠤᠴᠢᠷ ᠠᠴᠠ ᠬᠠᠷᠠᠰᠠᠯᠲᠠᠢ ᠪᠠᠷ ᠢᠯᠠᠭᠳᠠᠵᠠᠢ᠃ ᠱᠢ ᠰᠢᠶᠠᠨ ᠵᠧᠦ ᠭᠠᠭᠴᠠᠭᠠᠷ ᠢᠶᠠᠨ ᠾᠧᠨᠠᠨ ᠤ ᠰᠢ ᠬᠤᠸᠠ ᠰᠢᠶᠠᠨ ᠤ ᠬᠥᠳᠡᠭᠡ ᠲᠣᠰᠬᠤᠨ ᠳᠤ ᠳᠤᠲᠠᠭᠠᠨ ᠣᠴᠢᠪᠠ᠃ 1928 ᠤᠨ ᠳᠤ ᠪᠡᠭᠡᠵᠢᠩ ᠳᠤ ᠬᠦᠷᠴᠦ᠂ ᠨᠢᠭᠤᠴᠠ ᠨᠠᠮ ᠤᠨ ᠰᠡᠳᠬᠦᠯ ︽ᠦᠦᠷ ᠤᠨ ᠲᠤᠶᠠᠭ᠎ᠠ︾ ᠰᠡᠳᠬᠦᠯ ᠢ ᠨᠠᠶᠢᠷᠠᠭᠤᠯᠬᠤ ᠠᠵᠢᠯ ᠳᠤ ᠣᠷᠣᠯᠴᠠᠵᠠᠢ᠃ 1929 ᠣᠨ ᠳᠤ᠂ ᠡᠪ ᠬᠠᠮᠲᠤ ᠨᠠᠮ ᠤᠨ ᠵᠢᠭᠠᠪᠤᠷᠢ ᠪᠠᠷ ᠱᠠᠨᠪᠧᠢ ᠶᠢᠨ ᠭᠤᠤ ᠬᠦᠢ ᠽᠢ ᠶᠢᠨ ᠴᠡᠷᠢᠭ ᠲᠤ ᠣᠷᠣᠵᠤ ᠴᠡᠷᠢᠭ ᠤᠨ ᠬᠥᠳᠡᠯᠭᠡᠭᠡᠨ ᠬᠢᠵᠦ᠂ ᠬᠤᠷᠢᠶᠠᠨ ᠳᠠᠷᠤᠭ᠎ᠠ ᠪᠣᠯᠪᠠ᠃ ᠳᠠᠷᠠᠭ᠎ᠠ ᠵᠢᠯ ᠳᠤᠨᠢ᠂ ᠭᠤᠣ ᠬᠦᠶ ᠽᠢ ᠵᠢᠶᠠᠩ ᠵᠢᠶᠧ ᠱᠢ᠂ ᠹᠧᠩ ᠢᠦᠢ ᠰᠢᠶᠠᠩ᠂ ᠶᠠᠨ ᠰᠢ ᠱᠠᠨ ᠤ ᠵᠦᠩᠶᠤᠸᠠᠨ ᠣᠷᠣᠨ ᠤ ᠰᠠᠮᠠᠭᠤᠨ ᠳᠠᠶᠢᠨ ᠳᠤ ᠣᠷᠣᠯᠴᠠᠨ᠂ ᠱᠠᠨᠳᠦ᠋ᠩ ᠳᠤ ᠴᠡᠷᠢᠭ ᠢᠶᠠᠨ ᠬᠤᠬᠢᠷᠠᠭᠤᠯᠤᠨ ᠵᠠᠩᠵᠤᠨ ᠢᠶᠠᠨ ᠠᠯᠳᠠᠵᠤ᠂ ᠱᠠᠨ ᠰᠢ ᠶᠢᠨ ᠫᠢᠩ ᠳ᠋ᠢᠩ ᠳᠤ ᠤᠬᠤᠷᠢᠨ ᠬᠦᠷᠦᠭᠰᠡᠨ ᠤ ᠳᠠᠷᠠᠭ᠎ᠠ᠂ ᠴᠡᠷᠢᠭ ᠠᠩᠭᠢ ᠪᠠᠨ ᠭᠤᠮᠢᠨᠳᠠᠩ ᠤᠨ ᠬᠠᠭᠤᠷᠠᠢ ᠵᠠᠮ ᠤᠨ ᠴᠡᠷᠢᠭ ᠤᠨ 11 ᠳ᠋ᠤᠭᠡᠷ ᠳ᠋ᠢᠸᠢᠽᠢ  ᠪᠤᠯᠭᠠᠵᠤ᠂ ᠱᠢ ᠰᠢᠶᠠᠨ ᠵᠧᠦ ᠰᠤᠮᠤᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠠᠢ᠃ 1931 ᠣᠨ ᠤ 7 ᠰᠠᠷ᠎ᠠ ᠳᠤ᠂ ᠨᠠᠮ ᠤᠨ ᠲᠥᠪ ᠬᠤᠷᠢᠶᠠᠨ ᠤ ᠪᠠᠶᠢᠷᠢᠯᠠᠭᠤᠯᠤᠯᠲᠠ ᠶᠢ ᠦᠨᠳᠦᠰᠦᠯᠡᠨ᠂ ᠭᠤᠤ ᠬᠦᠢ ᠽᠢ ᠶᠢᠨ ᠴᠡᠷᠢᠭ ᠲᠤ ︽ᠴᠡᠷᠢᠭ ᠤᠨ ᠬᠤᠪᠢᠰᠤᠯ ᠢ ᠲᠦᠪᠰᠢᠳᠬᠡᠬᠦ︾ ᠠᠵᠢᠯᠯᠠᠭ᠎ᠠ ᠶᠠᠪᠤᠭᠤᠯᠵᠤ᠂ ᠢᠯᠠᠭᠳᠠᠭᠰᠠᠨ ᠤ ᠳᠠᠷᠠᠭ᠎ᠠ ᠱᠠᠨ ᠰᠢ ᠶᠢᠨ ᠪᠠᠷᠠᠭᠤᠨ ᠬᠤᠶᠢᠲᠤ ᠬᠡᠰᠡᠭ᠂ ᠰᠦᠢᠶᠤᠸᠠᠨ ᠤ ᠪᠠᠷᠠᠭᠤᠨ ᠬᠡᠰᠡᠭ ᠢᠶᠠᠷ ᠠᠶᠠᠯᠠᠨ ᠪᠠᠶᠢᠯᠳᠤᠵᠤ᠂ ᠡᠴᠦᠰ ᠲᠡᠭᠡᠨ ᠹᠦ᠋ ᠭᠦ᠋᠂ ᠰᠠᠶᠢᠨᠳᠣᠷ᠎ᠠ᠂ ᠶᠡᠭᠡ ᠵᠤᠤ ᠠᠶᠢᠮᠠᠭ ᠤᠨ ᠠᠭᠤᠯᠵᠠᠷ ᠲᠤ ᠣᠴᠢᠵᠤ᠂ ᠪᠦᠬᠦᠨ ᠢᠶᠠᠷ ᠢᠶᠠᠨ ᠰᠥᠨᠥᠭᠡᠭᠳᠡᠪᠡ᠃ ᠨᠠᠮᠤᠷ ᠨᠢ᠂ ᠱᠢ ᠰᠢᠶᠠᠨ ᠵᠧᠦ ᠨᠤᠲᠤᠭ ᠲᠠᠭᠠᠨ ᠪᠤᠴᠠᠵᠤ ᠭᠤᠤ ᠵᠢᠶᠠ ᠪᠦᠦ ᠶᠢᠨ ᠨᠢᠭᠤᠴᠠ ᠨᠠᠮ ᠤᠨ ᠡᠭᠦᠷ ᠤᠨ ᠱᠦᠵᠢ ᠶᠢᠨ ᠲᠤᠰᠢᠶᠠᠯ ᠢ ᠡᠭᠦᠷᠭᠡᠯᠡᠪᠡ᠃ ᠲᠠᠷᠠᠭ᠎ᠠ ᠵᠢᠯ ᠳᠤᠨᠢ ᠭᠤᠮᠢᠨᠳᠠᠩ ᠤᠨ ᠰᠠᠶᠢᠨᠳᠣᠷ᠎ᠠ ᠰᠢᠶᠠᠨ ᠤ ᠵᠠᠰᠠᠭ ᠤᠨ ᠣᠷᠳᠣᠨ ᠠᠴᠠ ᠲᠡᠭᠦᠨ ᠢ ᠭᠤᠤ ᠵᠢᠶᠠ ᠪᠦᠦ ᠲᠣᠭᠤᠷᠢᠭ ᠤᠨ ᠳᠠᠷᠤᠭ᠎ᠠ ᠪᠠᠷ ᠲᠣᠮᠢᠯᠠᠪᠠ᠃ 1933 ᠣᠨ ᠤ ᠡᠪᠦᠯ᠂ ᠰᠠᠶᠢᠨᠳᠣᠷ᠎ᠠ ᠹᠦ᠋ ᠭᠦ᠋ ᠶᠢᠨ ᠤᠯᠠᠭᠠᠨ ᠭᠤᠷᠪᠠᠳᠤᠭᠠᠷ ᠰᠠᠯᠪᠤᠷᠢ ᠠᠩᠭᠢ ᠪᠠᠶᠢᠭᠤᠯᠤᠭᠳᠠᠪᠠ᠃ ᠤᠳᠠᠯ ᠦᠭᠡᠢ ᠬᠤᠶᠠᠷ ᠭᠡᠰᠢᠭᠦᠨ ᠨᠢ ᠳᠠᠶᠢᠰᠤᠨ ᠳᠤ ᠣᠯᠵᠠᠯᠠᠭᠳᠠᠵᠤ᠂ ᠭᠤᠤ ᠵᠢᠶᠠ ᠪᠦᠦ ᠶᠢᠨ ᠨᠠᠮ ᠤᠨ ᠡᠭᠦᠷ ᠤᠨ ᠬᠠᠷᠢᠭᠤᠴᠠᠯᠭᠠᠲᠠᠨ ᠨᠢ ᠢᠯᠡᠴᠢᠯᠡᠭᠳᠡᠪᠡ᠃ 1933 ᠣᠨ ᠤ  2 ᠰᠠᠷ᠎ᠠ ᠳᠤ᠂ ᠱᠢ ᠰᠢᠶᠠᠨ ᠵᠧᠦ᠂ ᠺᠠᠩ ᠬᠦᠩ ᠠᠨ ᠪᠠᠷᠢᠪᠴᠢᠯᠠᠭᠳᠠᠵᠤ᠂  ᠰᠠᠶᠢᠨᠳᠣᠷ᠎ᠠ ᠶᠢᠨ ᠭᠢᠨᠳᠠᠨ ᠳᠤ ᠬᠤᠷᠢᠭᠳᠠᠵᠤ᠂ 5 ᠰᠠᠷ᠎ᠠ ᠪᠣᠯᠬᠤ ᠳᠤ᠂ ᠣᠷᠣᠨ ᠨᠤᠲᠤᠭ ᠤᠨ ᠲᠣᠮᠣ ᠡᠷᠦᠬᠡ ᠶᠢᠨ ᠪᠠᠲᠤᠯᠠᠭ᠎ᠠ ᠪᠠᠷ ᠭᠢᠨᠳᠠᠨ ᠠᠴᠠ ᠰᠤᠯᠠᠯᠠᠭᠳᠠᠪᠠ᠃ ᠨᠠᠮᠤᠷ ᠨᠢ᠂ ᠱᠢ ᠰᠢᠶᠠᠨ ᠵᠧᠦ ᠨᠠᠮ ᠤᠨ ᠵᠣᠬᠢᠶᠠᠨ ᠪᠠᠶᠢᠭᠤᠯᠤᠯᠲᠠ ᠶᠢᠨ ᠵᠥᠪᠰᠢᠶᠡᠷᠡᠯ ᠢᠶᠠᠷ᠂ ᠶᠡᠭᠡ ᠵᠣᠣ ᠠᠶᠢᠮᠠᠭ ᠤᠨ ᠲᠣᠭᠤᠷᠢᠮ ᠳᠤ ᠤᠴᠢᠵᠤ᠂ ᠨᠠᠮ ᠤᠨ ᠶᠠᠫᠤᠨ ᠢ ᠡᠰᠡᠷᠭᠦᠴᠡᠵᠦ ᠤᠯᠤᠰ ᠢᠶᠠᠨ ᠠᠪᠤᠷᠠᠬᠤ ᠨᠢᠭᠡᠳᠦᠮᠡᠯ ᠹᠷᠣᠨᠲ ᠤᠨ ᠵᠣᠷᠢᠯᠲᠠ ᠶᠢ ᠤᠬᠠᠭᠤᠯᠪᠠ᠃ 1941 ᠣᠨ ᠤ ᠨᠠᠮᠤᠷ᠂ ᠭᠤᠮᠢᠨᠳᠠᠩ ᠡᠪ ᠬᠠᠮᠲᠤ ᠨᠠᠮ ᠢ ᠡᠰᠡᠷᠭᠦᠴᠡᠬᠦ ᠥᠷᠨᠢᠯᠲᠡ ᠶᠢ ᠳᠠᠬᠢᠨᠲᠠ ᠥᠷᠨᠢᠭᠦᠯᠪᠡ᠃ 10 ᠰᠠᠷ᠎ᠠ ᠳᠤ᠂ ᠱᠢ ᠰᠢᠶᠠᠨ ᠵᠧᠦ ᠳᠠᠬᠢᠨᠲᠠ ᠪᠠᠷᠢᠪᠴᠢᠯᠠᠭᠳᠠᠵᠤ᠂ ᠱᠠᠮᠪᠠ ᠶᠢᠨ ᠭᠢᠨᠳᠠᠨ ᠳᠤ ᠬᠤᠷᠢᠭᠳᠠᠵᠤ᠂ 1942 ᠣᠨ ᠤ 2 ᠰᠠᠷ᠎ᠠ ᠶᠢᠨ 12 ᠤᠨ ᠡᠳᠦᠷ᠂ ᠭᠤᠮᠢᠨᠳᠠᠩ ᠤᠨ ᠲᠠᠮᠤᠯᠠᠯ ᠠᠴᠠ ᠪᠣᠯᠵᠤ ᠭᠢᠨᠳᠠᠨ ᠳᠤ ᠨᠠᠰᠤ ᠪᠠᠷᠠᠪᠠ᠃ ᠲᠤᠬᠠᠢ ᠶᠢᠨ ᠵᠢᠯ ᠳᠤ 41 ᠨᠠᠰᠤᠲᠠᠢ ᠪᠠᠶᠢᠪᠠ᠃      ᠴᠢᠯᠦᠭᠡᠯᠡᠭᠳᠡᠭᠰᠡᠨ ᠤ ᠲᠠᠷᠠᠭ᠎ᠠ᠂ ᠰᠠᠶᠢᠨᠳᠣᠷ᠎ᠠ ᠨᠠᠮ ᠤᠨ ᠵᠣᠬᠢᠶᠠᠨ ᠪᠠᠶᠢᠭᠤᠯᠤᠯᠲᠠ ᠠᠴᠠ ᠲᠡᠭᠦᠨ ᠢ ᠦᠷᠡᠭᠳᠡᠭᠰᠡᠨ ᠪᠠᠭᠠᠲᠤᠷ ᠢᠶᠠᠷ ᠨᠡᠬᠡᠮᠵᠢᠯᠡᠨ ᠵᠥᠪᠰᠢᠶᠡᠷᠡᠪᠡ᠃
ᠢᠷᠡᠯᠲᠡ᠄ ᠳᠤᠰ ᠰᠦᠯᠵᠢᠶ᠎ᠡ