ᠳ᠋ᠦᠩᠱᠧᠩ ᠲᠣᠭᠤᠷᠢᠭ ᠲᠤ ᠵᠤᠭᠠᠴᠠᠯ ᠤᠨ ᠡᠬᠢ ᠪᠠᠶᠠᠯᠢᠭ ᠡᠯᠪᠡᠭ ᠳᠡᠯᠪᠡᠭ᠂ ᠢᠯᠡ ᠲᠣᠳᠣ ᠭᠠᠵᠠᠷ ᠣᠷᠣᠨ ᠤ ᠣᠨᠴᠠᠯᠢᠭ ᠲᠠᠢ ᠪᠠᠶᠢᠵᠤ᠂ ᠲᠡᠦᠬᠡ ᠰᠣᠶᠣᠯ᠂ | ᠡᠬᠡ ᠪᠠᠶᠢᠭᠠᠯᠢ᠂ ᠦᠨᠳᠦᠰᠦᠲᠡᠨ ᠤ ᠰᠣᠶᠣᠯ ᠵᠡᠷᠭᠡ ᠵᠤᠭᠠᠴᠠᠯ ᠤᠨ ᠡᠬᠢ ᠪᠠᠶᠠᠯᠢᠭ ᠲᠠᠢ᠃ ᠮᠦᠨᠴᠤ ᠪᠠᠰᠠ ᠥᠪᠡᠷᠮᠢᠴᠡ ᠣᠨᠴᠠᠯᠢᠭ ᠲᠠᠢ ᠠᠭᠤᠷ ᠠᠮᠢᠰᠬᠤᠯ ᠤᠨ | ᠳᠠᠪᠠᠭᠤᠯᠢᠭ᠂ ᠤᠶᠢᠯᠡᠰ ᠪᠦᠳᠦᠬᠡᠬᠦ ᠳᠤ ᠳᠤᠬᠢᠷᠠᠮᠵᠢᠳᠠᠢ᠂ ᠣᠷᠣᠰᠢᠨ ᠰᠠᠭᠤᠬᠤ ᠳᠤ ᠳᠠᠭᠠᠯᠠᠮᠵᠢᠳᠠᠢ᠂ ᠵᠤᠭᠠᠴᠠᠵᠤ ᠨᠠᠭᠠᠳᠬᠤ ᠳᠤ ᠠᠶᠠᠳᠠᠢ ᠤᠷᠴᠢᠨ ᠠᠬᠤᠢ ᠶᠢᠨ | ᠳᠠᠪᠠᠭᠤᠯᠢᠭ᠂ ᠰᠡᠯᠡᠬᠦᠯᠢᠭ ᠠᠮᠢᠳᠤᠷᠠᠯ ᠤᠨ ᠠᠭᠤᠷ ᠠᠮᠢᠰᠬᠤᠯ᠂ ᠡᠯᠪᠡᠭ ᠪᠠᠶᠠᠯᠢᠭ ᠤᠯᠠᠨ ᠡᠰᠢᠲᠦ ᠵᠤᠭᠠᠴᠠᠯ ᠤᠨ ᠪᠦᠲᠦᠭᠡᠭᠳᠡᠬᠦᠨ ᠪᠠ ᠡᠪᠦᠯ ᠤᠨ ᠤᠯᠠᠷᠢᠯ ᠤᠨ | ᠵᠤᠭᠠᠴᠠᠯ ᠤᠨ ᠲᠦᠷᠦᠯ ᠵᠦᠢᠯ ᠤᠨ ᠠᠭᠠᠵᠢᠮ ᠢᠶᠠᠷ ᠲᠡᠭᠦᠯᠳᠡᠷᠵᠢᠬᠦ ᠶᠢ ᠳᠠᠭᠠᠯᠳᠤᠨ᠂ ᠪᠦᠬᠦ ᠣᠷᠣᠨ ᠪᠦᠰᠡ ᠶᠢᠨ ᠵᠤᠭᠠᠴᠠᠯ᠂ ᠲᠦᠷᠪᠡᠨ ᠤᠯᠠᠷᠢᠯ ᠤᠨ ᠵᠤᠭᠠᠴᠠᠯ ᠤᠨ | ᠰᠢᠨ᠎ᠡ ᠪᠠᠶᠢᠳᠠᠯ ᠢ ᠪᠤᠢ ᠪᠤᠯᠭᠠᠪᠠ᠃ | | | ᠣᠳᠣᠬᠠᠨ ᠳᠤ᠂ ᠳ᠋ᠦᠩᠱᠧᠩ ᠲᠣᠭᠤᠷᠢᠭ ᠲᠤ AAAA ᠲᠠᠰ ᠤᠨ ᠦᠵᠡᠮᠵᠢ ᠶᠢᠨ ᠣᠷᠣᠨ 5᠂ AA ᠲᠠᠰ ᠤᠨ ᠦᠵᠡᠮᠵᠢ ᠶᠢᠨ ᠣᠷᠣᠨ 1 ᠪᠣᠶ︔ | ᠪᠦᠬᠦ ᠤᠯᠤᠰ ᠤᠨ ᠠᠵᠤ ᠦᠢᠯᠡᠳᠪᠦᠷᠢ ᠬᠥᠳᠡᠭᠡ ᠠᠵᠤ ᠠᠬᠤᠢ ᠶᠢᠨ ᠵᠢᠱᠢᠶ᠎ᠡ ᠦᠵᠡᠭᠦᠯᠬᠦ ᠴᠡᠭ 2 ᠪᠤᠢ︔ ᠥᠪᠡᠷᠲᠡᠭᠡᠨ ᠵᠠᠰᠠᠬᠤ ᠣᠷᠣᠨ ᠤ ᠲᠠᠰ ᠤᠨ ᠵᠤᠭᠠᠴᠠᠯ | ᠤᠨ ᠤᠷᠤᠨ 1 ᠪᠣᠶ︔ ᠥᠪᠡᠷᠲᠡᠭᠡᠨ ᠵᠠᠰᠠᠬᠤ ᠣᠷᠣᠨ ᠤ ᠣᠳᠣᠨ ᠲᠠᠰ ᠤᠨ ᠬᠥᠳᠡᠭᠡ ᠲᠣᠰᠬᠤᠨ ᠤ ᠵᠤᠭᠠᠴᠠᠯ ᠤᠨ ᠭᠥᠯᠢᠶᠡᠨ ᠠᠪᠬᠤ ᠡᠷᠦᠬᠡ 4 ᠪᠣᠶ︔ | ᠬᠤᠲᠠ ᠶᠢᠨ ᠲᠠᠰ ᠤᠨ ᠲᠠᠷᠢᠶᠠᠯᠠᠩ ᠮᠠᠯ ᠠᠵᠤ ᠠᠬᠤᠢ ᠶᠢᠨ ᠭᠡᠷ ᠪᠦᠯᠢ ᠶᠢᠨ ᠵᠤᠭᠠᠴᠠᠯ ᠤᠨ ᠨᠡᠶᠢᠲᠡᠯᠢᠭ ᠵᠢᠱᠢᠶ᠎ᠡ ᠦᠵᠡᠭᠦᠯᠬᠦ ᠡᠷᠦᠬᠡ 4 ᠪᠣᠶ︔ ᠣᠷᠳᠣᠰ | ᠬᠤᠲᠠ ᠶᠢᠨ ᠬᠥᠳᠡᠭᠡ ᠲᠣᠰᠬᠤᠨ ᠤ ᠰᠣᠶᠣᠯ ᠵᠤᠭᠠᠴᠠᠯ ᠤᠨ ᠭᠤᠣᠯᠳᠠᠯᠭ᠎ᠠ ᠲᠠᠢ ᠲᠣᠰᠬᠤᠨ 2 ᠪᠣᠶ︔ ᠣᠳᠣᠨ ᠲᠠᠰ ᠤᠨ ᠪᠠᠭᠤᠳᠠᠯ 9︔ ᠵᠤᠭᠠᠴᠠᠭᠰᠠᠳ ᠲᠤ | ᠤᠶᠢᠯᠡᠴᠢᠯᠡᠬᠦ ᠭᠠᠵᠠᠷ 94 ︵ᠬᠤᠪᠢᠶᠠᠷᠢ ᠭᠠᠵᠠᠷ ᠢ ᠪᠠᠭᠳᠠᠭᠠᠨ᠎ᠠ︶︔ ᠳᠠᠭᠤᠤ ᠪᠥᠵᠢᠭ ᠵᠤᠭ᠎ᠠ ᠴᠡᠩᠭᠡᠯ ᠤᠨ ᠭᠠᠵᠠᠷ 56︔ ᠨᠠᠭᠠᠳᠤᠮ ᠲᠣᠭᠯᠠᠭᠠᠮ ᠤᠨ ᠭᠠᠵᠠᠷ | 7︔ ᠢᠨᠲ᠋ᠧᠷ ᠰᠦᠯᠵᠢᠶᠡᠨ ᠤ ᠰᠦᠯᠵᠢᠶᠡᠨ ᠳᠤ ᠣᠷᠣᠬᠤ ᠦᠢᠯᠡᠴᠢᠯᠡᠭᠡᠨ ᠤ ᠲᠠᠯᠠᠪᠤᠷ 20 ᠪᠤᠢ᠃ ᠤᠯᠤᠰ ᠤᠨ ᠪᠠᠷᠢᠮᠵᠢᠶ᠎ᠠ ᠳᠤ ᠨᠡᠶᠢᠴᠡᠭᠰᠡᠨ ᠵᠤᠭᠠᠴᠠᠯ ᠤᠨ | ᠤᠷᠤᠨ ᠤ ᠵᠣᠷᠯᠣᠩ ᠢ 122 ᠪᠠᠶᠢᠭᠤᠯᠵᠤ᠂ ᠵᠤᠭᠠᠴᠠᠯ ᠤᠨ ᠬᠥᠲᠥᠯᠥᠨ ᠵᠢᠯᠤᠭᠤᠳᠬᠤ ᠢᠯᠡᠷᠬᠡᠶᠢᠯᠡᠯ ᠤᠨ ᠫᠠᠶᠢᠰᠠ 1000 ᠭᠠᠷᠤᠢ ᠢᠵᠢ ᠭᠠᠷᠭᠠᠵᠤ᠂ ᠵᠤᠭᠠᠴᠠᠯ | ᠤᠨ ᠢᠯᠡᠷᠬᠡᠶᠢᠯᠡᠯ ᠤᠨ ᠫᠠᠶᠢᠰᠠ 3.5 ᠲᠦᠮᠡ ᠭᠠᠷᠤᠢ ᠢᠵᠢ ᠤᠭᠰᠠᠷᠠᠪᠠ᠃ ᠪᠠᠶᠢᠭᠠᠯᠢᠯᠢᠭ ᠰᠡᠯᠡᠭᠦᠴᠡᠯ ᠵᠤᠭᠠᠴᠠᠯ᠂ ᠠᠮᠢ ᠠᠬᠤᠢ ᠶᠢᠨ ᠵᠤᠭᠠᠴᠠᠯ ᠪᠣᠯᠣᠨ ᠵᠠᠩ | ᠦᠢᠯᠡ ᠶᠢᠨ ᠰᠣᠶᠣᠯ ᠤᠨ ᠣᠶᠢᠯᠠᠭᠠᠯᠲᠠ ᠪᠠᠷ ᠭᠤᠣᠯ ᠣᠨᠴᠠᠯᠢᠭ ᠪᠣᠯᠭᠠᠭᠰᠠᠨ ᠵᠤᠭᠠᠴᠠᠯ ᠤᠨ ᠬᠥᠭᠵᠢᠯᠲᠡ ᠶᠢᠨ ᠲᠤᠭᠳᠠᠯᠴᠠᠭ᠎ᠠ ᠶᠢ ᠠᠩᠬ᠎ᠠ ᠠᠯᠬᠤᠮ | ᠪᠦᠷᠢᠯᠳᠦᠭᠦᠯᠵᠡᠢ᠃ | 2019 ᠣᠨ ᠳᠤ ᠳ᠋ᠦᠩᠱᠧᠩ ᠲᠣᠭᠤᠷᠢᠭ ᠵᠤᠭᠠᠴᠠᠭᠰᠠᠳ ᠢ ᠨᠡᠶᠢᠲᠡ 449.8 ᠲᠦᠮᠡᠨ ᠬᠥᠮᠥᠨ ᠤᠳᠠᠭ᠎ᠠ ᠭᠥᠯᠢᠶᠡᠨ ᠠᠪᠴᠤ᠂ ᠠᠳᠠᠯᠢ ᠬᠤᠭᠤᠴᠠᠭᠠᠨ ᠤ | ᠬᠢ ᠠᠴᠠ 13.4% ᠪᠠᠷ ᠨᠡᠮᠡᠭᠳᠡᠨ᠂ ᠵᠤᠭᠠᠴᠠᠯ ᠤᠨ ᠣᠷᠣᠯᠭ᠎ᠠ ᠶᠢ 139.7 ᠳ᠋ᠦᠩᠰᠢᠭᠤᠷ ᠲᠥᠭᠦᠷᠢᠭ ᠳᠠᠶᠢᠴᠢᠯᠠᠨ ᠪᠡᠶᠡᠯᠡᠭᠦᠯᠵᠦ᠂ ᠠᠳᠠᠯᠢ ᠬᠤᠭᠤᠴᠠᠭᠠᠨ ᠤ | ᠬᠢ ᠠᠴᠠ 14.7% ᠪᠠᠷ ᠨᠡᠮᠡᠭᠳᠡᠪᠡ︔ 2020 ᠣᠨ ᠳᠤ ᠳ᠋ᠦᠩᠱᠧᠩ ᠲᠣᠭᠤᠷᠢᠭ ᠨᠡᠶᠢᠳᠡ 261.5 ᠲᠦᠮᠡᠨ ᠬᠦᠮᠦᠨ ᠤᠳᠠᠭ᠎ᠠ ᠶᠢᠨ ᠵᠤᠭᠠᠴᠠᠭᠰᠠᠳ ᠢ | ᠭᠥᠯᠢᠶᠡᠨ ᠠᠪᠴᠤ᠂ ᠠᠳᠠᠯᠢ ᠬᠤᠭᠤᠴᠠᠭᠠᠨ ᠤ ᠬᠢ ᠠᠴᠠ -41.8% ᠪᠠᠷ ᠨᠡᠮᠡᠭᠳᠡᠵᠦ᠂ ᠵᠤᠭᠠᠴᠠᠯ ᠤᠨ ᠣᠷᠣᠯᠭ᠎ᠠ ᠶᠢ 69.63 ᠳ᠋ᠦᠩᠰᠢᠭᠤᠷ ᠲᠥᠭᠦᠷᠢᠭ | ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ -50.2% ᠢᠶᠠᠷ ᠨᠡᠮᠡᠭᠳᠡᠪᠡ︔ 2021 ᠣᠨ ᠳᠤ ᠳ᠋ᠦᠩᠱᠧᠩ ᠲᠣᠭᠤᠷᠢᠭ ᠵᠤᠭᠠᠴᠠᠭᠰᠠᠳ ᠢ ᠨᠡᠶᠢᠲᠡ | 292.7 ᠲᠦᠮᠡᠨ ᠬᠥᠮᠥᠨ ᠤᠳᠠᠭ᠎ᠠ ᠭᠥᠯᠢᠶᠡᠨ ᠠᠪᠴᠤ᠂ ᠠᠳᠠᠯᠢ ᠬᠤᠭᠤᠴᠠᠭᠠᠨ ᠤ ᠬᠢ ᠠᠴᠠ 11.93% ᠪᠠᠷ ᠨᠡᠮᠡᠭᠳᠡᠵᠦ᠂ ᠵᠤᠭᠠᠴᠠᠯ ᠤᠨ ᠣᠷᠣᠯᠭ᠎ᠠ ᠶᠢ | 83.4 ᠳ᠋ᠦᠩᠰᠢᠭᠤᠷ ᠲᠥᠭᠦᠷᠢᠭ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ 19.7% ᠪᠠᠷ ᠨᠡᠮᠡᠭᠳᠡᠪᠡ︔ 2022 ᠣᠨ ᠳᠤ ᠭᠥᠯᠢᠶᠡᠨ ᠠᠪᠤᠭᠰᠠᠨ | ᠵᠤᠭᠠᠴᠠᠭᠰᠠᠳ ᠤᠨ ᠲᠤᠭ᠎ᠠ 258.3 ᠲᠦᠮᠡᠨ ᠬᠥᠮᠥᠨ ᠤᠳᠠᠭ᠎ᠠ ᠳᠤ ᠬᠦᠷᠴᠦ᠂ ᠠᠳᠠᠯᠢ ᠬᠤᠭᠤᠴᠠᠭᠠᠨ ᠤ ᠬᠢ ᠠᠴᠠ 11.7% ᠪᠠᠷ ᠨᠡᠮᠡᠭᠳᠡᠪᠡ︔ ᠵᠤᠭᠠᠴᠠᠯ | ᠤᠨ ᠣᠷᠣᠯᠭ᠎ᠠ ᠶᠢ 75.02 ᠳ᠋ᠦᠩᠰᠢᠭᠤᠷ ᠲᠥᠭᠦᠷᠢᠭ ᠪᠡᠶᠡᠯᠡᠭᠦᠯᠵᠦ᠂ ᠠᠳᠠᠯᠢ ᠬᠤᠭᠤᠴᠠᠭᠠᠨ ᠤ ᠬᠢ ᠠᠴᠠ -10.04% ᠪᠠᠷ ᠨᠡᠮᠡᠭᠳᠡᠪᠡ᠃ 2023 ᠣᠨ ᠤ | 2 ᠰᠠᠷ᠎ᠠ ᠶᠢᠨ ᠰᠡᠭᠦᠯᠴᠢ ᠪᠣᠯᠲᠠᠯ᠎ᠠ᠂ ᠳ᠋ᠦᠩᠱᠧᠩ ᠲᠣᠭᠤᠷᠢᠭ ᠤᠨ ᠨᠢᠭᠡ ᠡᠳᠦᠷ ᠤᠨ ᠵᠤᠭᠠᠴᠠᠯ ᠤᠨ ᠵᠤᠭᠠᠴᠠᠭᠰᠠᠳ ᠨᠡᠶᠢᠲᠡ 103.8 ᠲᠦᠮᠡᠨ ᠬᠥᠮᠥᠨ | ᠤᠳᠠᠭ᠎ᠠ ᠳᠤ ᠬᠦᠷᠴᠡᠢ᠃ | | | ᠳ᠋ᠦᠩᠱᠧᠩ ᠲᠣᠭᠤᠷᠢᠭ ᠤᠨ ᠳᠥᠷᠪᠡᠨ ᠤᠯᠠᠷᠢᠯ ᠤᠨ ᠵᠤᠭᠠᠴᠠᠯ ᠤᠨ ᠡᠬᠢ ᠪᠠᠶᠠᠯᠢᠭ ᠡᠯᠪᠡᠭ ᠪᠠᠶᠠᠯᠢᠭ ᠪᠠᠶᠢᠳᠠᠭ᠃ ᠬᠠᠪᠤᠷ ᠤᠨ ᠤᠯᠠᠷᠢᠯ ᠳᠤ᠂ ᠳ᠋ᠦᠩ ᠯᠢᠶᠠᠨ | ᠤ ᠺᠠᠷᠲ᠋ᠣᠨ ᠬᠤᠲᠠ ᠳᠤ ᠬᠦᠷᠴᠦ ᠬᠢᠲᠠᠳ ᠮᠠᠶ᠋ᠢᠭ ᠤᠨ ᠬᠤᠪᠴᠠᠰᠤ ᠡᠮᠦᠰᠴᠦ᠂ ᠵᠢᠷᠤᠭ ᠰᠡᠬᠦᠳᠡᠷ ᠳᠠᠳᠠᠵᠤ ᠪᠤᠯᠤᠨ᠎ᠠ︔ ᠵᠢᠦ ᠴᠧᠩ ᠬᠥᠩ ᠣᠷᠳᠣᠨ ᠳᠤ ᠬᠦᠷᠴᠦ | ᠬᠠᠪᠤᠷ ᠤᠨ ᠦᠵᠡᠮᠵᠢ ᠶᠢ ᠰᠣᠨᠢᠷᠬᠠᠨ᠂ ᠥᠨᠳᠥᠷ ᠲᠤ ᠵᠣᠭᠰᠣᠨ ᠠᠯᠤᠰ ᠢ ᠪᠠᠷᠠᠯᠠᠵᠤ᠂ ᠪᠠᠶᠢᠭᠠᠯᠢᠯᠢᠭ ᠨᠤᠭᠤᠭ᠎ᠠ ᠵᠢᠮᠢᠰ ᠶᠢ ᠰᠤᠩᠭᠤᠨ ᠠᠪᠴᠤ ᠪᠤᠯᠤᠨ᠎ᠠ︔ | ᠤᠷᠭᠤᠮᠠᠯ ᠤᠨ ᠬᠦᠷᠢᠶᠡᠯᠡᠩ ᠳᠤ ᠬᠦᠷᠴᠦ ᠠᠭᠤᠯᠠ ᠲᠠᠯ᠎ᠠ ᠪᠠᠷ ᠳᠦᠭᠦᠷᠡᠩ ᠲᠤᠭᠤᠷ ᠤᠨ ᠴᠡᠴᠡᠭ᠂ ᠬᠦᠢᠯᠡᠰᠦᠨ ᠴᠡᠴᠡᠭ ᠢ ᠰᠣᠨᠢᠷᠬᠠᠵᠤ᠂ ᠬᠠᠪᠤᠷ ᠤᠨ ᠤᠯᠠᠷᠢᠯ ᠤᠨ | ᠭᠤᠸ᠎ᠠ ᠦᠵᠡᠰᠬᠦᠯᠡᠩ ᠢ ᠮᠡᠳᠡᠷᠡᠨ᠂ ᠡᠬᠡ ᠪᠠᠶᠢᠭᠠᠯᠢ ᠠᠴᠠ ᠰᠣᠶᠣᠷᠬᠠᠭᠰᠠᠨ ᠰᠠᠶᠢᠨ ᠰᠠᠶᠢᠬᠠᠨ ᠪᠦᠬᠦᠨ ᠢ ᠪᠡᠶᠡᠴᠢᠯᠡᠨ ᠤᠶᠢᠯᠠᠭᠠᠵᠤ ᠪᠤᠯᠤᠨ᠎ᠠ᠃ | | | | | | ᠵᠣᠨ ᠤ ᠤᠯᠠᠷᠢᠯ ᠳᠤ᠂ ᠳ᠋ᠦᠩ ᠯᠢᠶᠠᠨ ᠤ ᠺᠠᠷᠲ᠋ᠣᠨ ᠬᠤᠲᠠ ᠳᠤ ᠣᠴᠢᠵᠤ ᠬᠡᠭᠡᠷ᠎ᠡ ᠬᠤᠨᠣᠭᠯᠠᠨ ᠰᠢᠷᠠᠮᠠᠯ ᠰᠢᠷᠠᠵᠤ ᠢᠳᠡᠵᠤ ᠪᠤᠯᠤᠨ᠎ᠠ︔ ᠵᠢᠦ ᠴᠧᠩ ᠬᠥᠩ | ᠣᠷᠳᠣᠨ ᠳᠤ ᠬᠦᠷᠴᠦ ᠮᠣᠷᠢ ᠤᠨᠤᠨ ᠰᠤᠷ ᠬᠠᠷᠪᠤᠵᠤ᠂ ᠬᠡᠭᠡᠷ᠎ᠡ ᠬᠤᠨᠣᠭᠯᠠᠨ ᠰᠢᠷᠠᠮᠠᠯ ᠰᠢᠷᠠᠵᠤ᠂ ᠲᠦᠳᠡᠭ ᠭᠠᠯ ᠤᠨ ᠦᠳᠡᠰᠢᠯᠡᠭᠡ ᠶᠢ ᠪᠡᠶᠡᠴᠢᠯᠡᠨ ᠤᠶᠢᠯᠠᠭᠠᠵᠤ | ᠪᠤᠯᠤᠨ᠎ᠠ︔ ᠤᠷᠭᠤᠮᠠᠯ ᠤᠨ ᠬᠦᠷᠢᠶᠡᠯᠡᠩ ᠳᠤ ᠬᠦᠷᠴᠦ ᠮᠠᠨᠳᠠᠷᠠᠸ᠎ᠠ ᠴᠡᠴᠡᠭ ᠤᠨ ᠬᠦᠷᠢᠶᠡᠯᠡᠩ ᠢᠶᠠᠷ ᠠᠯᠬᠤᠯᠠᠵᠤ᠂ 20 ᠲᠦᠮᠡᠨ ᠰᠠᠭᠤᠷᠢ ᠮᠠᠨᠳᠠᠷᠠᠸ᠎ᠠ ᠴᠠᠨ᠎ᠠ | ᠴᠡᠴᠡᠭ ᠤᠨ ᠪᠠᠳᠠᠷᠠᠨ ᠳᠡᠯᠭᠡᠷᠡᠭᠰᠡᠨ ᠴᠤᠭ ᠵᠢᠪᠬᠤᠭ᠎ᠠ ᠶᠢ ᠰᠤᠨᠢᠷᠬᠠᠨ᠂ ᠦᠨ᠎ᠡ ᠲᠥᠯᠥᠪᠦᠷᠢ ᠦᠭᠡᠢ ᠡᠯᠡᠰᠦᠨ ᠲᠠᠩ ᠤᠨ ᠵᠤᠭ᠎ᠠ ᠴᠡᠩᠭᠡᠯ ᠢ ᠡᠳ᠋ᠯᠡᠵᠤ᠂ ᠬᠡᠭᠡᠷ᠎ᠡ | ᠬᠤᠨᠣᠭᠯᠠᠨ ᠰᠢᠷᠠᠮᠠᠯ ᠰᠢᠷᠠᠵᠤ ᠪᠤᠯᠤᠨ᠎ᠠ︔ ᠸᠠᠨ ᠵᠢᠶᠠ ᠬᠤᠢ ᠪᠠᠶᠠᠰᠤᠯᠳᠤ ᠬᠤᠷᠸ᠎ᠠ ᠳᠤ ᠬᠦᠷᠴᠦ᠂ ᠲᠤᠭᠯᠠᠨ ᠨᠠᠭᠠᠳᠤᠵᠤ ᠪᠤᠯᠤᠨ᠎ᠠ᠂ ᠠᠳᠡ ᠳᠡᠯᠡᠬᠡᠢ ᠶᠢᠨ ᠭᠤᠤᠯ | ᠰᠡᠳᠤᠪᠳᠤ ᠴᠡᠩᠬᠡᠯ ᠤᠨ ᠬᠦᠷᠢᠶᠡᠯᠡᠩ᠂ ᠤᠰᠤᠨ ᠤ ᠶᠢᠷᠳᠢᠨᠴᠤ ᠵᠡᠷᠭᠡ ᠵᠤᠭ᠎ᠠ ᠴᠡᠩᠬᠡᠯ ᠤᠨ ᠭᠠᠵᠠᠷ ᠪᠠᠶᠢᠵᠤ᠂ ᠲᠠᠨ ᠳᠤ ᠭᠤᠶᠢᠳᠠ ᠰᠠᠶᠢᠬᠠᠨ ᠪᠡᠶᠡᠴᠢᠯᠡᠨ | ᠤᠶᠢᠯᠠᠭᠠᠯᠳᠠ ᠶᠢ ᠦᠭᠬᠦ ᠪᠤᠯᠤᠨ᠎ᠠ︔ ᠣᠷᠳᠣᠰ ᠤᠨ ᠬᠡᠭᠡᠷ᠎ᠡ ᠶᠢᠨ ᠠᠮᠢᠳᠠᠨ ᠤ ᠬᠦᠷᠢᠶᠡᠯᠡᠩ ᠳᠤ ᠬᠦᠷᠴᠦ᠂ ᠡᠯ᠎ᠡ ᠵᠤᠶᠢᠯ ᠤᠨ ᠬᠡᠭᠡᠷ᠎ᠡ ᠶᠢᠨ ᠠᠮᠢᠳᠠᠨ ᠢ ᠦᠵᠡᠵᠤ᠂ | ᠮᠡᠳᠡᠯᠬᠡ ᠶᠢᠨ ᠬᠦᠷᠢᠶ᠎ᠡ ᠬᠡᠪᠴᠢᠶ᠎ᠡ ᠪᠠᠨ ᠦᠷᠬᠡᠳᠬᠡᠵᠤ ᠪᠤᠯᠤᠨ᠎ᠠ᠃ | | | | | | | | ᠨᠠᠮᠤᠷ ᠤᠨ ᠤᠯᠠᠷᠢᠯ ᠳᠤ᠂ ᠳ᠋ᠦᠩ ᠯᠢᠶᠠᠨ ᠺᠠᠷᠲ᠋ᠣᠨ ᠤ ᠬᠤᠲᠠ ᠳᠤ ᠬᠦᠷᠴᠦ᠂ ᠤᠯᠤᠰ ᠤᠨ ᠳᠣᠲᠣᠭᠠᠳᠤ ᠭᠠᠳᠠᠭᠠᠳᠤ ᠶᠢᠨ ᠴᠣᠷ ᠤᠨ ᠭᠠᠭᠴᠠ ᠴᠢᠨ ᠤ | ᠠᠰᠬᠠᠨ ᠵᠠᠮ ᠤᠨ ᠰᠣᠶᠣᠯ ᠢᠶᠠᠷ ᠭᠤᠣᠯ ᠰᠡᠳᠦᠪ ᠪᠣᠯᠭᠠᠭᠰᠠᠨ᠂ ᠴᠢᠨ ᠬᠠᠨ ᠤᠯᠤᠰ ᠤᠨ ᠬᠢᠯᠢ ᠶᠢᠨ ᠪᠣᠭᠤᠮᠲᠠ ᠶᠢᠨ ᠰᠣᠶᠣᠯ ᠪᠠ ᠾᠦᠩᠨᠦ ᠶᠢᠨ ᠰᠣᠶᠣᠯ ᠢᠶᠠᠷ | ᠣᠨᠴᠠᠯᠢᠭ ᠢᠶᠠᠨ ᠪᠣᠯᠭᠠᠭᠰᠠᠨ ᠵᠤᠭᠠᠴᠠᠯ ᠤᠨ ᠦᠵᠡᠮᠵᠢ ᠶᠢ ᠰᠤᠨᠢᠷᠬᠠᠵᠤ ᠪᠤᠯᠤᠨ᠎ᠠ︔ ᠵᠢᠦ ᠴᠧᠩ ᠬᠥᠩ ᠣᠷᠳᠣᠨ ᠤ ᠵᠢᠮᠢᠰ ᠲᠡᠭᠦᠬᠦ ᠬᠦᠷᠢᠶᠡᠯᠡᠩ ᠳᠤ ᠬᠦᠷᠴᠦ | ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠤᠯ ᠢ ᠡᠳ᠋ᠯᠡᠵᠤ ᠪᠤᠯᠤᠨ᠎ᠠ︔ ᠤᠷᠭᠤᠮᠠᠯ ᠤᠨ ᠬᠦᠷᠢᠶᠡᠯᠡᠩ ᠳᠤ ᠬᠦᠷᠴᠦ᠂ ᠠᠭᠤᠯᠠ ᠪᠠᠷ ᠳᠦᠬᠦᠷᠡᠩ ᠤᠯᠠᠭᠠᠨ ᠨᠠᠪᠴᠢ ᠶᠢ | ᠰᠤᠨᠢᠷᠬᠠᠵᠤ ᠪᠤᠯᠤᠨ᠎ᠠ︔ ᠸᠠᠨ ᠵᠢᠶᠠ ᠬᠤᠢ ᠪᠠᠶᠠᠷ ᠪᠠᠶᠠᠰᠬᠤᠯᠠᠩᠲᠤ ᠤᠰᠤᠨ ᠤ ᠶᠢᠷᠳᠢᠨᠴᠤ ᠶᠢᠨ ᠰᠤᠪᠢᠯᠠᠯᠳᠠ ᠶᠢᠨ ᠲᠤᠭᠤᠷᠢᠭ ᠲᠤ ᠬᠦᠷᠴᠦ᠂ ᠪᠡᠶ᠎ᠡ ᠰᠡᠳᠬᠢᠯ ᠤᠨ | ᠳᠠᠶᠢᠪᠤᠰᠢᠷᠠᠯ ᠢ ᠪᠡᠶᠡᠴᠢᠯᠡᠨ ᠤᠶᠢᠯᠠᠭᠠᠵᠤ ᠪᠤᠯᠤᠨ᠎ᠠ᠃ | | | | | | ᠡᠪᠦᠯ ᠤᠨ ᠤᠯᠠᠷᠢᠯ ᠳᠤ᠂ ᠳ᠋ᠦᠩ ᠯᠢᠶᠠᠨ ᠤ ᠺᠠᠷᠲ᠋ᠣᠨ ᠬᠤᠲᠠ ᠶᠢᠨ ᠠᠰᠠᠷ ᠲᠠᠭᠲᠤ ᠳᠤ ᠭᠠᠷᠴᠤ᠂ ᠴᠠᠰᠤᠨ ᠦᠵᠡᠮᠵᠢ ᠶᠢ ᠰᠣᠨᠢᠷᠬᠠᠨ᠂ ᠠᠯᠳᠠᠷᠲᠤ | ᠬᠥᠮᠥᠰ ᠤᠨ ᠪᠦᠲᠦᠭᠡᠯ ᠢ ᠰᠣᠨᠢᠷᠬᠠᠵᠤ ᠪᠣᠯᠣᠨ᠎ᠠ︔ ᠵᠢᠦ ᠴᠧᠩ ᠬᠥᠩ ᠣᠷᠳᠣᠨ ᠤ ᠣᠯᠠᠨ ᠤᠯᠤᠰ ᠤᠨ ᠴᠠᠨᠠᠯᠠᠬᠤ ᠲᠠᠯᠠᠪᠠᠶ ᠳᠤ ᠬᠦᠷᠴᠦ ᠴᠠᠰᠤᠨ ᠳᠤ | ᠭᠤᠯᠭᠤᠵᠤ᠂ ᠡᠯ᠎ᠡ ᠲᠥᠷᠥᠯ ᠤᠨ ᠮᠥᠰᠥ ᠴᠠᠰᠤᠨ ᠤ ᠵᠤᠭ᠎ᠠ ᠴᠡᠩᠭᠡᠯ ᠢ ᠪᠡᠶᠡᠴᠢᠯᠡᠨ ᠤᠶᠢᠯᠠᠭᠠᠵᠤ ᠪᠤᠯᠤᠨ᠎ᠠ︔ ᠸᠠᠨ ᠵᠢᠶᠠ ᠬᠤᠢ ᠪᠠᠶᠠᠷ ᠪᠠᠶᠠᠰᠬᠤᠯᠠᠩᠲᠤ | ᠤᠰᠤᠨ ᠤ ᠶᠢᠷᠲᠢᠨᠴᠦ ᠳᠤ ᠬᠦᠷᠴᠤ᠂ ᠡᠪᠦᠯ ᠤᠨ ᠤᠯᠠᠷᠢᠯ ᠤᠨ ᠤᠰᠤᠨ ᠳᠤ ᠨᠠᠭᠠᠳᠬᠤ ᠵᠤᠭ᠎ᠠ ᠴᠡᠩᠭᠡᠯ ᠪᠠ ᠬᠠᠯᠠᠭᠤᠨ ᠷᠠᠰᠢᠶᠠᠨ ᠳᠤ ᠤᠷᠤᠬᠤ ᠶᠢ ᠪᠡᠶᠡᠴᠢᠯᠡᠨ | ᠤᠶᠢᠯᠠᠭᠠᠵᠤ ᠪᠤᠯᠤᠨ᠎ᠠ︔ ᠣᠷᠳᠣᠰ ᠤᠨ ᠲᠡᠯᠡᠶ ᠶᠢᠨ ᠠᠮᠢᠳᠠᠨ ᠤ ᠣᠷᠳᠣᠨ ᠳᠤ ᠬᠦᠷᠴᠦ᠂ ᠵᠢᠵᠢᠭ ᠠᠮᠢᠲᠠᠨ ᠲᠠᠢ ᠳᠣᠲᠣᠨᠣᠰᠤᠭ ᠢᠶᠠᠷ ᠬᠠᠷᠢᠯᠴᠠᠵᠤ ᠪᠣᠯᠣᠨ᠎ᠠ᠃ | ᠪᠥᠬᠦ ᠵᠢᠯ ᠳᠤ ᠣᠷᠳᠣᠰ ᠪᠦᠯᠦᠭᠯᠡᠯ ᠳᠤ ᠬᠦᠷᠴᠦ᠂ ᠭᠠᠷ ᠤᠷᠠᠯᠠᠯ ᠤᠨ ᠮᠡᠷᠭᠡᠵᠢᠯ ᠢ ᠦᠵᠡᠵᠤ᠂ ᠣᠷᠳᠣᠰ ᠤᠨ ᠬᠠᠯᠠᠭᠤᠨ ᠳᠤᠯᠠᠭᠠᠨ ᠬᠠᠶᠢᠷ᠎ᠠ ᠶᠢ ᠪᠡᠶᠡᠴᠢᠯᠡᠨ | ᠣᠶᠢᠯᠠᠭᠠᠵᠤ ᠪᠣᠯᠣᠨ᠎ᠠ᠃ ᠨᠠᠩ ᠴᠤ ᠣᠷᠳᠣᠰ ᠤᠨ ᠨᠠᠷᠠᠲᠤ ᠲᠡᠮᠳᠡᠭᠲᠦ ᠶᠢᠨ ᠬᠠᠮᠤᠭ ᠤᠨ ᠶᠡᠭᠡ ᠦᠢᠯᠡᠳᠪᠦᠷᠢ ᠶᠢᠨ ᠳᠡᠯᠭᠡᠭᠦᠷ ᠲᠤ ᠬᠦᠷᠴᠦ ᠪᠦᠳᠦᠬᠡᠭᠳᠡᠬᠦᠨ ᠢ | ᠬᠤᠳᠠᠯᠳᠤᠨ ᠠᠪᠴᠤ ᠪᠤᠯᠤᠨ᠎ᠠ᠃ | | | | | | | |