| | | ᠡᠷᠡᠭᠲᠡᠢ᠂ ᠮᠣᠩᠭᠤᠯ ᠦᠨᠳᠦᠰᠦᠲᠡᠨ᠂ ᠮᠣᠩᠭᠤᠯ ᠨᠡᠷ᠎ᠡ ᠨᠢ ᠦᠯᠵᠡᠶᠢᠬᠤᠲᠤᠭ ᠭᠡᠳᠡᠭ᠃ 1909 ᠣᠨ ᠳᠤ ᠣᠲᠤᠭ ᠤᠨ ᠡᠮᠦᠨᠡᠲᠦ ᠬᠤᠰᠢᠭᠤᠨ ᠤ ᠵᠠᠷᠠ | ᠰᠤᠮᠤᠨ ᠤ ᠮᠤᠬᠤᠷ ᠲᠤ ᠳᠦᠷᠦᠪᠡ᠃ | 1927 ᠣᠨ ᠳᠤ᠂ ᠬᠦ᠋ ᠱᠧᠦ ᠱᠠᠨ ᠰᠢᠨᠡᠯᠡᠮ᠎ᠡ ᠶᠢᠨ ᠤᠳᠤᠷᠢᠳᠤᠭᠰᠠᠨ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ 12 ᠳ᠋ᠤᠭᠠᠷ | ᠬᠤᠷᠢᠶ᠎ᠠ ᠳᠤ ᠣᠷᠣᠵᠤ᠂ ᠲᠡᠮᠡᠭᠡᠲᠦ ᠶᠢᠨ ᠴᠡᠷᠢᠭ ᠤᠨ ᠡᠷᠬᠡᠲᠡᠨ ᠵᠢᠩ ᠶᠤᠸᠠᠢ ᠰᠢᠸ ᠶᠢᠨ ᠳᠠᠭᠠᠷᠢᠯᠲᠠ ᠳᠤ ᠴᠣᠬᠢᠯᠲᠠ ᠥᠭᠬᠦ ᠪᠠᠶᠢᠯᠳᠤᠭᠠᠨ ᠳᠤ ᠣᠷᠣᠯᠴᠠᠪᠠ᠃ | 1929 ᠣᠨ ᠳᠤ᠂ ᠰᠢᠨᠡᠯᠡᠮ᠎ᠡ ᠤᠷᠪᠠᠭᠴᠢ ᠳᠤ ᠬᠤᠤᠷᠯᠠᠭᠳᠠᠭᠰᠠᠨ ᠤ ᠳᠠᠷᠠᠭ᠎ᠠ᠂ ᠬᠦ᠋ ᠱᠧᠦ ᠱᠠᠨ ᠨᠤᠲᠤᠭ ᠲᠠᠭᠠᠨ ᠪᠤᠴᠠᠵᠤ᠂ ᠤᠲᠤᠭ ᠬᠤᠰᠢᠭᠤᠨ ᠤ ᠣᠷᠣᠨ | ᠨᠤᠲᠤᠭ ᠤᠨ ᠠᠮᠤᠷ ᠢ ᠬᠠᠮᠠᠭᠠᠯᠠᠬᠤ ᠠᠩᠭᠢ ᠳᠤ ᠣᠷᠣᠵᠣ᠂ ᠰᠠᠯᠠᠭᠠᠨ ᠳᠠᠷᠤᠭ᠎ᠠ ᠪᠣᠯᠪᠠ᠃ | 1937 ᠣᠨ ᠳᠤ᠂ ᠶᠠᠫᠤᠨ ᠳᠡᠭᠡᠷᠡᠮᠴᠢᠳ ᠬᠠᠷ᠎ᠠ ᠰᠠᠪᠠᠷ ᠢᠶᠠᠨ ᠣᠷᠳᠣᠰ ᠵᠦᠭ ᠰᠤᠩᠭᠠᠵᠤ᠂ ᠱᠠᠨᠰᠢ — ᠭᠠᠨᠰᠤ — ᠨᠢᠩᠰᠢᠶᠠ ᠶᠢᠨ ᠬᠢᠵᠠᠭᠠᠷ ᠣᠷᠣᠨ ᠢ | ᠰᠢᠭᠤᠳ ᠰᠦᠷᠳᠡᠭᠦᠯᠪᠡ᠃ ᠲᠤᠰ ᠵᠢᠯ ᠤᠨ 11 ᠰᠠᠷ᠎ᠠ ᠳᠤ᠂ ᠶᠠᠫᠤᠨ ᠤ ᠲᠠᠩᠨᠠᠭᠤᠯ ᠨᠧᠢ ᠲᠢᠶᠠᠨ ᠶᠦᠡᠭ ᠰᠧ ᠯᠠᠩ ᠠᠷᠠᠯ ᠤᠨ ᠰᠦᠮ᠎ᠡ ᠳᠤ ᠨᠢᠭᠤᠴᠠ ᠪᠠᠷ | ᠣᠷᠣᠵᠤ ᠬᠤᠪᠢᠰᠬᠠᠯ ᠤᠨ ᠡᠰᠡᠷᠭᠦᠦ ᠠᠵᠢᠯᠯᠠᠭ᠎ᠠ ᠥᠷᠨᠢᠭᠦᠯᠪᠡ᠃ ᠠᠮᠤᠷ ᠢ ᠬᠠᠮᠠᠭᠠᠯᠠᠬᠤ ᠰᠧᠯᠢᠩ ᠵᠠᠩ ᠸᠧᠨ ᠰᠢᠤᠸᠠᠨ ᠠᠷᠠᠯ ᠤᠨ ᠰᠦᠮ᠎ᠡ ᠳᠤ ᠨᠢᠰᠬᠡᠯ ᠤᠨ | ᠪᠠᠭᠤᠳᠠᠯ ᠪᠠᠶᠢᠭᠤᠯᠵᠤ᠂ ᠨᠧᠢ ᠲᠢᠶᠠᠨ ᠶᠦᠡᠭ ᠰᠧ ᠯᠠᠩ ᠳᠤ ᠬᠡᠷᠡᠭᠯᠡᠭᠦᠯᠬᠦ ᠶᠢ ᠵᠦᠪᠰᠢᠶᠡᠷᠡᠭᠰᠡᠨ ᠳᠤ ᠬᠦ᠋ ᠱᠧᠦ ᠱᠠᠨ ᠲᠤᠶᠢᠯ ᠢᠶᠠᠷ ᠳᠤᠷ᠎ᠠ ᠦᠭᠡᠶᠢᠴᠡᠵᠦ᠂ | ᠡᠰᠡᠷᠭᠦᠴᠡᠵᠦ ᠪᠠᠶᠢᠪᠠ᠃ ᠶᠠᠭ ᠲᠡᠷᠡ ᠦᠶᠡᠰ ᠲᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠡᠬᠢᠯᠳᠤ ᠣᠷᠣᠨ ᠤ ᠠᠵᠢᠯᠯᠠᠬᠤ ᠬᠤᠷᠢᠶ᠎ᠠ ᠶᠢᠨ | ᠤᠳᠤᠷᠢᠳᠤᠭᠴᠢ ᠲᠢᠶᠠᠨ ᠸᠠᠨ ᠱᠧᠩ᠂ ᠵᠠᠩ ᠸᠧᠨ ᠰᠢᠤᠸᠠᠨ ᠵᠡᠷᠭᠡ ᠴᠡᠷᠢᠭ ᠤᠨ ᠤᠳᠣᠷᠢᠳᠣᠭᠴᠢ ᠬᠥᠮᠥᠰ ᠲᠤ ᠶᠡᠭᠡ ᠬᠡᠮᠵᠢᠶᠡᠨ ᠤ ᠤᠬᠠᠭᠤᠯᠭ᠎ᠠ ᠬᠢᠵᠦ | ᠬᠤᠪᠢᠰᠬᠠᠯ ᠬᠢᠬᠦ ᠶᠢ ᠣᠷᠢᠶᠠᠯᠠᠵᠤ ᠪᠠᠶᠢᠪᠠ᠃ 1939 ᠣᠨ ᠤ 6 ᠰᠠᠷ᠎ᠠ ᠳᠤ᠂ ᠬᠥ᠋ ᠱᠧᠦ ᠱᠠᠨ ᠲᠢᠶᠠᠨ ᠸᠠᠨ ᠱᠧᠩ ᠲᠠᠢ ᠲᠠᠨᠢᠯᠴᠠᠭᠰᠠᠨ ᠠᠴᠠ ᠬᠤᠶᠢᠰᠢ | ᠦᠷᠭᠦᠯᠵᠢ ᠲᠡᠬᠢᠯᠳᠤ ᠣᠷᠣᠨ ᠤ ᠠᠵᠢᠯᠯᠠᠬᠤ ᠬᠤᠷᠢᠶ᠎ᠠ ᠲᠠᠢ ᠬᠠᠷᠢᠯᠴᠠᠵᠤ ᠡᠬᠢᠯᠡᠵᠡᠢ᠃ 1940 ᠣᠨ ᠳᠤ᠂ ᠵᠠᠩ ᠸᠧᠨ ᠰᠢᠤᠸᠠᠨ ᠭᠤᠮᠢᠨᠳᠠᠩ ᠲᠠᠢ ᠬᠠᠮᠵᠢᠯᠴᠠᠨ᠂ | ᠱᠠᠨᠰᠢ — ᠭᠠᠨᠰᠤ — ᠨᠢᠩᠰᠢᠶᠠ ᠶᠢᠨ ᠬᠢᠵᠠᠭᠠᠷ ᠣᠷᠣᠨ ᠳᠤ ᠠᠵᠤ ᠠᠬᠤᠢ ᠶᠢᠨ ᠪᠢᠲᠡᠭᠦᠮᠵᠢᠯᠡᠯ ᠶᠠᠪᠤᠭᠤᠯᠵᠤ᠂ ᠳᠠᠪᠤᠰᠤ ᠠᠷᠠᠯᠵᠢᠶᠠᠯᠬᠤ ᠶᠢ ᠴᠠᠭᠠᠵᠠᠯᠠᠭᠰᠠᠨ ᠳᠤ | ᠭᠦ᠋ ᠱᠧᠦ ᠱᠠᠨ ᠨᠠᠷ ᠨᠢᠭᠤᠴᠠ ᠪᠠᠷ ᠳᠠᠪᠤᠰᠤ ᠵᠥᠭᠡᠭᠡᠪᠦᠷᠢᠯᠡᠵᠦ᠂ ᠬᠢᠵᠠᠭᠠᠷ ᠣᠷᠣᠨ ᠤ ᠴᠡᠷᠢᠭ ᠠᠷᠠᠳ ᠢ ᠬᠠᠪᠰᠤᠷᠤᠨ ᠢᠳᠡᠰᠢᠨ ᠳᠠᠪᠤᠰᠤᠨ ᠤ ᠬᠦᠴᠢᠷᠳᠡᠯ ᠢ ᠨᠢ | ᠰᠢᠢᠳᠪᠦᠷᠢᠯᠡᠵᠦ ᠥᠭᠪᠡ᠃ ᠲᠤᠰ ᠵᠢᠯ ᠤᠨ ᠵᠤᠨ ᠨᠠᠮᠤᠷ ᠤᠨ ᠠᠭᠤᠯᠵᠠᠷ ᠲᠤ ᠵᠠᠩ ᠸᠧᠨ ᠰᠢᠤᠸᠠᠨ ᠴᠡᠷᠢᠭ ᠲᠣᠮᠢᠯᠠᠨ ᠬᠢᠵᠠᠭᠠᠷ ᠣᠷᠣᠨ ᠲᠠᠢ ᠮᠦᠷᠭᠦᠯᠳᠦᠭᠡᠨ | ᠡᠭᠦᠰᠭᠡᠵᠦ ᠡᠬᠢᠯᠡᠬᠦ ᠳᠤ᠂ ᠭᠦ᠋ ᠱᠧᠦ ᠱᠠᠨ ᠪᠦᠬᠦ ᠬᠦᠴᠦᠨ ᠢᠶᠠᠷ ᠢᠶᠠᠨ ᠢᠳᠬᠠᠨ ᠬᠤᠷᠢᠭᠯᠠᠭᠰᠠᠨ ᠪᠤᠯᠪᠠᠴᠤ ᠵᠠᠩ ᠸᠧᠨ ᠰᠢᠤᠸᠠᠨ ᠢᠳᠬᠠᠯ ᠢ ᠠᠪᠬᠤ ᠦᠭᠡᠢ | ᠮᠦᠷᠲᠡᠭᠡᠨ ᠭᠡᠳᠡᠷᠭᠦ ᠪᠠᠨ ᠭᠦ᠋ ᠱᠧᠦ ᠱᠠᠨ ᠢ ᠵᠢᠮᠡᠯᠡᠨ ᠪᠤᠷᠤᠭᠤᠰᠢᠶᠠᠭᠰᠠᠨ ᠳᠤ ᠬᠥ᠋ ᠱᠧᠦ ᠱᠠᠨ ᠠᠭᠤᠷᠯᠠᠵᠤ ᠴᠢᠯᠦᠭᠡ ᠭᠤᠶᠤᠵᠤ ᠭᠡᠷ ᠲᠡᠭᠡᠨ ᠬᠠᠷᠢᠪᠠ᠃ ᠬᠤᠵᠢᠮ | ᠨᠢ ᠣᠲᠤᠭ ᠬᠤᠰᠢᠭᠤᠨ ᠤ ᠠᠮᠤᠷ ᠢ ᠬᠠᠮᠠᠭᠠᠯᠠᠬᠤ ᠴᠡᠷᠢᠭ ᠠᠩᠭᠢ ᠶᠢᠨ ᠣᠳᠣᠷᠢᠳᠣᠭᠴᠢ ᠮᠠ ᠹᠦ᠋ ᠭᠠᠩ᠂ ᠮᠠ ᠯᠢᠶᠠᠩ ᠴᠧᠩ ᠨᠠᠷ ᠲᠠᠢ ᠨᠢᠭᠤᠴᠠ ᠪᠠᠷ ᠬᠤᠯᠪᠣᠭ᠎ᠠ | ᠠᠪᠴᠤ᠂ ᠴᠢᠰᠤ ᠪᠠᠨ ᠣᠣᠭᠤᠵᠣ ᠠᠬ᠎ᠠ ᠳᠡᠭᠦᠦ ᠪᠠᠷᠢᠯᠳᠣᠨ ᠬᠠᠮᠲᠣ ᠪᠠᠷ ᠬᠤᠪᠢᠰᠬᠠᠯ ᠬᠢᠬᠦ ᠪᠠᠷ ᠪᠤᠯᠵᠤ᠂ ᠠᠷᠭ᠎ᠠ ᠪᠦᠬᠦᠨ ᠢ ᠰᠦᠪᠡᠭᠴᠢᠯᠡᠨ ᠳᠠᠷᠤᠭ᠎ᠠ | ᠪᠠᠶᠢᠯᠳᠤᠭᠴᠢᠳ ᠢ ᠬᠤᠪᠢᠰᠬᠠᠯ ᠳᠤ ᠲᠠᠲᠠᠪᠠ᠃ | ᠵᠠᠩ ᠸᠧᠨ ᠰᠢᠤᠸᠠᠨ ᠤ ᠡᠷᠬᠡᠰᠢᠶᠡᠯ ᠠᠴᠠ ᠠᠩᠭᠢᠵᠢᠷᠠᠵᠤ᠂ ᠦᠨᠳᠦᠰᠦᠲᠡᠨ ᠤ ᠴᠢᠯᠦᠭᠡᠯᠡᠯᠲᠡ ᠶᠢᠨ ᠲᠡᠮᠡᠴᠡᠯ ᠳᠤ ᠣᠷᠤᠯᠴᠠᠬᠤ ᠶᠢᠨ ᠲᠥᠯᠥᠭᠡ᠂ 1946 | ᠣᠨ ᠤ 1 ᠰᠠᠷ᠎ᠠ ᠶᠢᠨ 14 ᠤ ᠡᠳᠦᠷ᠂ ᠮᠠ ᠹᠦ᠋ ᠭᠠᠩ᠂ ᠮᠠ ᠯᠢᠶᠠᠩ ᠴᠧᠩ ᠲᠠᠢ ᠬᠠᠮᠲᠤ ᠠᠷᠠᠯ ᠤᠨ ᠰᠦᠮ᠎ᠡ ᠶᠢᠨ ᠪᠣᠰᠣᠯᠭ᠎ᠠ ᠶᠢ ᠡᠭᠦᠰᠬᠡᠨ᠂ ᠵᠠᠩ ᠸᠧᠨ | ᠰᠢᠤᠸᠠᠨ ᠢ ᠪᠠᠷᠢᠪᠴᠢᠯᠠᠵᠤ᠂ ᠵᠠᠩ ᠸᠧᠨ ᠰᠢᠤᠸᠠᠨ ᠤ ᠶᠠᠯ᠎ᠠ ᠶᠢ ᠲᠣᠭᠠᠴᠢᠨ᠂ ᠵᠠᠩ ᠸᠧᠨ ᠰᠢᠤᠸᠠᠨ ᠤ ᠡᠳ᠋ ᠬᠤᠭᠰᠢᠯ ᠢ ᠠᠯᠪᠠᠨ ᠳᠤ ᠳᠣᠰᠢᠶᠠᠯᠭᠠᠵᠣ ᠰᠢᠳᠭᠡᠭᠡᠳ᠂ | ᠬᠥ᠋ ᠱᠧᠦ ᠱᠠᠨ ᠪᠣᠰᠣᠯᠭ᠎ᠠ ᠶᠢᠨ ᠴᠡᠷᠢᠭ ᠠᠩᠭᠢ ᠶᠢᠨ ᠨᠢᠭᠡᠳᠦᠭᠡᠷ ᠬᠤᠷᠢᠶᠠᠨ ᠤ ᠳᠠᠷᠤᠭ᠎ᠠ ᠶᠢᠨ ᠲᠤᠰᠢᠶᠠᠯ ᠢ ᠬᠠᠷᠢᠭᠤᠴᠠᠵᠠᠢ᠃ | ᠠᠷᠠᠯ ᠤᠨ ᠰᠦᠮ᠎ᠡ ᠶᠢᠨ ᠪᠣᠰᠣᠯᠭ᠎ᠠ ᠶᠢᠨ ᠲᠠᠷᠠᠭ᠎ᠠ᠂ ᠭᠦ᠋ ᠱᠧᠦ ᠱᠠᠨ ᠦᠷᠭᠦᠯᠵᠢ ᠤᠳᠤᠭ ᠤᠨ ᠠᠵᠢᠯᠯᠠᠬᠤ ᠬᠤᠷᠢᠶ᠎ᠠ ᠪᠣᠯᠣᠨ ᠲᠤᠰᠠᠯᠠᠭᠴᠢ ᠶᠠᠭᠰᠠᠷᠵᠠᠪ ᠤᠨ | ᠬᠤᠭᠤᠷᠣᠨᠳᠤ ᠶᠠᠪᠤᠵᠤ᠂ ᠶᠠᠭᠰᠠᠷᠵᠠᠪ ᠲᠤ ᠡᠪ ᠬᠠᠮᠲᠤ ᠨᠠᠮ ᠤᠨ ᠨᠢᠭᠡᠳᠦᠮᠡᠯ ᠹᠷᠣᠨᠲ ᠤᠨ ᠲᠦᠷᠦ ᠶᠢᠨ ᠪᠣᠳᠣᠯᠭ᠎ᠠ ᠶᠢ ᠤᠬᠠᠭᠤᠯᠣᠨ ᠶᠠᠷᠢᠵᠤ᠂ ᠲᠡᠭᠦᠨ ᠢ ᠡᠷᠲᠡᠬᠡᠨ | ᠭᠤᠮᠢᠨᠳᠠᠩ ᠤᠨ ᠡᠷᠬᠡᠰᠢᠶᠡᠯ ᠠᠴᠠ ᠮᠤᠯᠳᠣᠷᠠᠵᠤ ᠡᠪ ᠬᠠᠮᠲᠣ ᠨᠠᠮ ᠲᠠᠢ ᠬᠠᠮᠲᠤ ᠬᠤᠪᠢᠰᠬᠠᠯ ᠬᠢᠬᠦ ᠶᠢ ᠣᠷᠢᠶᠠᠯᠠᠪᠠ᠃ ᠭᠡᠪᠡᠴᠦ ᠶᠠᠭᠰᠠᠷᠵᠠᠪ ᠤᠬᠠᠭᠠᠷᠠᠬᠤ ᠦᠭᠡᠢ | ᠮᠦᠷᠲᠡᠭᠡᠨ ᠡᠷᠡᠰ ᠰᠢᠭᠤᠷᠬᠠᠢ ᠪᠠᠷ ᠭᠤᠮᠢᠨᠳᠠᠩ ᠢ ᠲᠦᠰᠢᠵᠦ ᠬᠤᠪᠢᠰᠬᠠᠯ ᠢ ᠡᠰᠡᠷᠭᠦᠴᠡᠵᠦ ᠡᠬᠢᠯᠡᠵᠡᠢ᠃ ᠡᠭᠦᠨ ᠳᠤ ᠭᠦ᠋ ᠱᠧᠦ ᠱᠠᠨ᠂ ᠮᠠ ᠯᠢᠶᠠᠩ ᠴᠧᠩ ᠨᠠᠷ | ᠬᠠᠷᠢᠶ᠎ᠠ ᠴᠡᠷᠢᠭ ᠠᠩᠭᠢ ᠪᠠᠨ ᠴᠤᠭᠯᠠᠭᠤᠯᠵᠤ᠂ ᠵᠡᠪᠰᠡᠭᠲᠦ ᠬᠦᠴᠦᠨ ᠢᠶᠠᠷ ᠶᠠᠭᠰᠠᠷᠵᠠᠪ ᠢ ᠳᠠᠷᠤᠵᠤ᠂ ᠲᠡᠭᠦᠨ ᠢ ᠡᠪ ᠬᠠᠮᠲᠣ ᠨᠠᠮ ᠤᠨ ᠠᠷᠠᠳ ᠤᠨ ᠴᠢᠯᠦᠭᠡᠯᠡᠬᠦ | ᠬᠤᠪᠢᠰᠬᠠᠯ ᠤᠨ ᠵᠠᠮ ᠳᠤ ᠣᠷᠣᠭᠤᠯᠬᠤ ᠪᠠᠷ ᠲᠣᠭᠳᠠᠵᠣ᠂ 1947 ᠣᠨ ᠤ 3 ᠰᠠᠷ᠎ᠠ ᠶᠢᠨ 5 ᠤ ᠡᠳᠦᠷ᠂ ᠬᠦ᠋ ᠱᠧᠦ ᠱᠠᠨ ᠪᠣᠯᠣᠨ ᠮᠠ ᠯᠢᠶᠠᠩ ᠴᠧᠩ ᠰᠦᠮᠡᠲᠦ᠂ | ᠴᠠᠭᠠᠨᠲᠣᠯᠤᠭᠠᠢ᠂ ᠵᠠᠷᠠ ᠭᠤᠷᠪᠠᠨ ᠰᠤᠮᠤ ᠶᠢᠨ ᠴᠡᠷᠢᠭ ᠢ ᠳᠠᠭᠠᠭᠤᠯᠤᠨ ᠸᠠᠩ ᠤᠨ ᠣᠷᠳᠣᠨ ᠢ ᠪᠦᠰᠡᠯᠡᠵᠦ᠂ ᠶᠠᠭᠰᠠᠷᠵᠠᠪ ᠢ ᠪᠠᠷᠢᠪᠴᠢᠯᠠᠬᠤ ᠪᠠᠷ ᠪᠣᠯᠪᠠ᠃ ᠴᠢᠮᠡᠭᠡ | ᠵᠠᠳᠠᠷᠠᠭᠰᠠᠨ ᠠᠴᠠ ᠪᠤᠯᠵᠤ᠂ ᠶᠠᠭᠰᠠᠷᠵᠠᠪ ᠶᠢᠨᠴᠤᠸᠠᠨ ᠳᠤ ᠳᠤᠲᠠᠭᠠᠨ ᠣᠴᠢᠵᠤ᠂ ᠪᠦᠰᠡᠯᠡᠯᠲᠡ ᠶᠢ ᠬᠤᠭᠤᠰᠤᠳᠠᠭᠤᠯᠪᠠ᠃ 3 ᠰᠠᠷ᠎ᠠ ᠶᠢᠨ 20 ᠤ ᠡᠳᠦᠷ᠂ | ᠶᠠᠭᠰᠠᠷᠵᠠᠪ ᠨᠢᠩᠰᠢᠶᠠ ᠶᠢᠨ ᠴᠡᠷᠢᠭ ᠤᠨ ᠡᠷᠭᠡᠲᠡᠨ ᠮᠠ ᠬᠤᠩ ᠺᠦᠢ ᠶᠢᠨ ᠬᠤᠶᠠᠷ ᠬᠤᠷᠢᠶ᠎ᠠ ᠶᠢᠨ ᠴᠡᠷᠢᠭ ᠤᠨ ᠬᠦᠴᠦᠨ ᠢ ᠨᠡᠭᠦᠯᠭᠡᠨ ᠠᠪᠴᠢᠷᠠᠵᠤ᠂ ᠪᠣᠰᠣᠯᠭ᠎ᠠ ᠶᠢᠨ | ᠴᠡᠷᠢᠭ ᠢ ᠳᠠᠭᠠᠷᠢᠵᠤ᠂ ᠴᠢᠯᠦᠭᠡᠯᠡᠭᠳᠡᠭᠰᠡᠨ ᠣᠷᠣᠨ ᠳᠤ ᠬᠠᠯᠳᠠᠪᠠ᠃ 3 ᠰᠠᠷ᠎ᠠ ᠶᠢᠨ 31 ᠤ ᠡᠳᠦᠷ᠂ ᠶᠡᠭᠡ ᠵᠤᠤ ᠶᠢᠨ ᠪᠠᠷᠠᠭᠤᠨᠳᠡᠬᠢ ᠠᠵᠢᠯᠯᠠᠬᠤ ᠬᠤᠷᠢᠶ᠎ᠠ ᠠᠴᠠ | ᠬᠦ᠋ ᠱᠧᠦ ᠱᠠᠨ ᠳᠤ ᠠᠷᠠᠯ ᠤᠨ ᠰᠦᠮ᠎ᠡ ᠠᠴᠠ ᠲᠦᠷᠭᠡᠬᠡᠨ ᠵᠠᠶᠢᠯᠠᠬᠤ ᠶᠢ ᠮᠡᠳᠡᠭᠳᠡᠪᠡ᠃ ᠳᠠᠷᠠᠭ᠎ᠠ ᠡᠳᠦᠷ ᠨᠢ ᠬᠦ᠋ ᠱᠧᠦ ᠱᠠᠨ ᠵᠠᠷᠠ ᠰᠤᠮᠤᠨ ᠤ ᠴᠡᠷᠢᠭ ᠢ | ᠳᠠᠭᠠᠭᠤᠯᠤᠨ ᠡᠮᠦᠨᠡᠰᠢ ᠤᠬᠤᠷᠢᠬᠤ ᠦᠶ᠎ᠡ ᠳᠤ᠂ ᠵᠠᠷᠢᠮ ᠳᠠᠷᠤᠭ᠎ᠠ ᠪᠠᠶᠢᠯᠳᠤᠭᠴᠢᠳ ᠨᠤᠲᠤᠭ ᠤᠰᠤᠨ ᠠᠴᠠ ᠪᠠᠨ ᠰᠠᠯᠵᠤ ᠶᠠᠳᠠᠨ᠂ ᠤᠬᠤᠷᠢᠬᠤ ᠳᠤᠷ᠎ᠠ ᠦᠭᠡᠢ | ᠪᠠᠶᠢᠪᠠ᠃ ᠳᠠᠶᠢᠰᠤᠨ ᠤ ᠥᠳᠥᠭᠡᠯᠭᠡ ᠪᠠᠷ ᠴᠡᠷᠢᠭ ᠠᠩᠭᠢ ᠶᠢᠨ ᠰᠤᠮᠤᠨ ᠳᠠᠷᠤᠭ᠎ᠠ ᠰᠠᠯᠠᠭᠠᠨ ᠳᠠᠷᠤᠭ᠎ᠠ ᠨᠢ ᠤᠷᠪᠠᠵᠤ᠂ ᠬᠥ᠋ ᠱᠧᠦ ᠱᠠᠨ ᠢ ᠪᠠᠷᠢᠪᠴᠢᠯᠠᠭᠠᠳ᠂ ᠮᠠ | ᠬᠤᠩ ᠺᠦᠢ ᠶᠢᠨ ᠴᠡᠷᠢᠭ ᠠᠩᠭᠢ ᠳᠤ ᠬᠦᠷᠭᠡᠨ᠂ ᠬᠥ᠋ ᠱᠧᠦ ᠱᠠᠨ ᠤ ᠭᠡᠷ ᠢ ᠭᠠᠯᠳᠠᠨ ᠬᠠᠶᠠᠵᠠᠢ᠃ | 1947 ᠣᠨ ᠤ 4 ᠰᠠᠷ᠎ᠠ ᠶᠢᠨ 23 ᠤ ᠡᠳᠦᠷ᠂ ᠭᠦ᠋ ᠱᠧᠦ ᠱᠠᠨ ᠬᠠᠷ᠎ᠠ ᠬᠠᠳᠠᠨ ᠰᠦᠮ᠎ᠡ ︵ᠶᠡᠭᠡ ᠰᠦᠮ᠎ᠡ︶ ᠳᠤ ᠶᠠᠭᠰᠠᠷᠵᠠᠪ ᠤᠨ ᠪᠦᠯᠦᠭ ᠲᠤ | ᠬᠤᠣᠷᠯᠠᠭᠳᠠᠪᠠ᠂ ᠲᠣᠰ ᠵᠢᠯ ᠰᠠᠶ᠋ᠢ 38 ᠨᠠᠰᠤᠲᠠᠢ ᠪᠠᠶᠢᠪᠠ᠃ | 1951 ᠣᠨ ᠳᠤ᠂ ᠤᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠠᠯᠠᠳ ᠲᠤ ᠪᠤᠩᠬᠤᠨ ᠤ ᠬᠦᠷᠢᠶᠡᠯᠡᠩ ᠪᠠᠶᠢᠭᠤᠯᠵᠤ᠂ ᠭᠦ᠋ ᠱᠧᠦ ᠱᠠᠨ ᠤ | ᠴᠢᠨᠳᠠᠷ ᠢ ᠣᠷᠣᠰᠢᠭᠤᠯᠣᠭᠰᠠᠨ ᠤ ᠬᠠᠮᠲᠤ ᠬᠥᠰᠢᠶᠡᠨ ᠤ ᠪᠢᠴᠢᠭᠡᠰᠦ ᠪᠢᠴᠢᠵᠦ ᠬᠤᠪᠢᠰᠬᠠᠯ ᠤᠨ ᠪᠠᠭᠠᠲᠣᠷ ᠢ ᠳᠣᠷᠠᠰᠬᠠᠵᠠᠢ᠃ |