ᠵᠢᠢ ᠰᠥᠩ ᠯᠢᠩ ︵1899 — 1942 ᠣᠨ︶
ᠨᠡᠶᠢᠲᠡᠯᠡᠭᠰᠡᠨ ᠴᠠᠭ᠄
2023/3/30
纪松龄.jpg
      ᠵᠢᠢ ᠰᠥᠩ ᠯᠢᠩ ︵1899 — 1942 ᠣᠨ︶᠂ ᠡᠷᠡᠭᠲᠡᠢ᠂ ᠥᠭᠡᠷ᠎ᠡ ᠨᠡᠷ᠎ᠡ ᠨᠢ ᠵᠢᠢ ᠱᠢ ᠰᠢᠶᠦ᠋ᠨ᠂ ᠮᠣᠩᠭᠤᠯ ᠨᠡᠷ᠎ᠡ ᠨᠢ ᠰᠠᠶᠢᠰᠢᠩᠭ᠎ᠠ᠂ ᠮᠣᠩᠭᠤᠯ ᠦᠨᠳᠦᠰᠦᠲᠡᠨ᠂ 1899 ᠣᠨ ᠳᠤ ᠴᠠᠬᠠᠷ ᠤᠨ ᠪᠠᠷᠠᠭᠤᠨ ᠭᠠᠷᠤᠨ ᠰᠢᠯᠤᠭᠤᠨ ᠰᠢᠷ᠎ᠠ ᠬᠤᠰᠢᠭᠤᠨ ︵ᠣᠲᠣ ᠶᠢᠨ ᠤᠯᠠᠭᠠᠨᠴᠠᠪ ᠬᠤᠲᠠ ᠶᠢᠨ ᠴᠠᠬᠠᠷ ᠪᠠᠷᠠᠭᠤᠨ ᠭᠠᠷᠤᠨ ᠡᠮᠦᠨᠡᠲᠦ ᠬᠤᠰᠢᠭᠤ︶ ᠳᠤ ᠳᠦᠷᠦᠵᠡᠶ᠃      1925 ᠣᠨ ᠳᠤ ᠳᠤᠮᠳᠠᠳᠤ ᠤᠯᠤᠰ ᠤᠨ ᠡᠪ ᠬᠠᠮᠲᠤ ᠨᠠᠮ ᠳᠤ ᠣᠷᠣᠵᠤ᠂ 10 ᠰᠠᠷ᠎ᠠ ᠳᠤ᠂ ᠴᠢᠭᠤᠯᠭᠠᠳᠤ ᠬᠠᠭᠠᠯᠭ᠎ᠠ ᠳᠤ ᠬᠤᠷᠠᠯᠳᠤᠭᠰᠠᠨ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠠᠩᠬᠠᠳᠤᠭᠠᠷ ᠤᠳᠠᠭ᠎ᠠ ᠶᠢᠨ ᠲᠥᠯᠥᠭᠡᠯᠡᠭᠴᠢᠳ ᠤᠨ ᠶᠡᠭᠡ ᠬᠤᠷᠠᠯ ᠳᠤ ᠣᠷᠣᠯᠴᠠᠪᠠ᠃ 1926 ᠣᠨ ᠳᠤ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ ᠮᠣᠷᠢᠲᠤ ᠴᠡᠷᠢᠭ ᠤᠨ ᠨᠢᠭᠡᠳᠦᠭᠡᠷ ᠪᠠᠲᠯᠢᠶᠤᠨ ᠤ ᠳᠠᠷᠤᠭ᠎ᠠ ᠪᠣᠯᠪᠠ᠃ 1927 ᠣᠨ ᠤ 8 ᠰᠠᠷ᠎ᠠ ᠳᠤ᠂ ᠤᠯᠠᠭᠠᠨᠪᠠᠭᠠᠲᠤᠷ ᠲᠤ ᠬᠤᠷᠠᠯᠳᠤᠭᠰᠠᠨ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠣᠨᠴᠠᠭᠠᠢ ᠬᠤᠷᠠᠯ ᠳᠤ ᠣᠷᠣᠯᠴᠠᠵᠤ᠂ ᠲᠥᠪ ᠤᠨ ᠭᠦᠢᠴᠡᠳᠭᠡᠭᠴᠢ ᠭᠡᠰᠢᠭᠦᠨ ᠢᠶᠠᠷ ᠰᠣᠩᠭᠤᠭᠳᠠᠪᠠ᠃ 1933 ᠣᠨ ᠤ ᠡᠬᠢ ᠪᠠᠷ᠂ ᠲᠣᠮᠢᠯᠠᠯᠲᠠ ᠪᠠᠷ ᠥᠪᠥᠷ ᠮᠣᠩᠭᠤᠯ ᠤᠨ ᠪᠠᠷᠠᠭᠤᠨ ᠬᠡᠰᠡᠭ ᠤᠨ ᠭᠠᠵᠠᠷ ᠣᠷᠣᠨ ᠳᠤ ᠪᠤᠴᠠᠨ ᠨᠢᠭᠤᠴᠠ ᠠᠵᠢᠯ ᠬᠢᠵᠦ᠂ ᠭᠤᠮᠢᠨᠳᠠᠩ ᠤᠨ ᠰᠦᠢᠶᠤᠸᠠᠨ ᠤ ᠵᠡᠭᠦᠨ ᠬᠡᠰᠡᠭ ᠤᠨ ᠳᠡᠭᠡᠷᠡᠮ ᠢ ᠤᠰᠠᠳᠬᠠᠬᠤ ᠰᠧᠯᠢᠩᠪᠦ᠋ ᠳᠤ ᠱᠲ᠋ᠠᠪ ᠤᠨ ᠳᠠᠷᠤᠭ᠎ᠠ ᠶᠢᠨ ᠲᠤᠰᠢᠶᠠᠯ ᠢ ᠬᠠᠷᠢᠭᠤᠴᠠᠪᠠ᠃ 1937 ᠣᠨ ᠤ ᠬᠠᠪᠤᠷ᠂ ᠮᠣᠩᠭᠤᠯ ᠬᠤᠰᠢᠭᠤᠨ ᠤ ᠠᠮᠤᠷ ᠢ ᠬᠠᠮᠠᠭᠠᠯᠠᠬᠤ ᠶᠡᠷᠦᠩᠬᠡᠢ ᠠᠩᠭᠢ ᠶᠢᠨ ᠨᠢᠭᠡᠳᠦᠭᠡᠷ ᠶᠡᠭᠡ ᠠᠩᠭᠢ ᠶᠢᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠤ᠂ ︽ᠲᠤᠯᠤᠭᠠᠨ ᠰᠠᠷ᠎ᠠ ᠶᠢᠨ ᠲᠤᠯᠤᠭᠠᠨ︾ ᠤ ᠬᠡᠷᠡᠭ ᠬᠤᠪᠢᠰᠤᠯ ᠤᠨ ᠳᠠᠷᠠᠭ᠎ᠠ᠂ ᠮᠣᠩᠭᠤᠯ ᠬᠤᠰᠢᠭᠤᠨ ᠤ ᠠᠮᠤᠷ ᠢ ᠬᠠᠮᠠᠭᠠᠯᠠᠬᠤ ᠶᠡᠷᠦᠩᠬᠡᠢ ᠠᠩᠭᠢ ᠶᠢ ᠮᠣᠩᠭᠤᠯ ᠬᠤᠰᠢᠭᠤᠨ ᠤ ᠨᠡᠶᠢᠯᠡᠮᠡᠯ ᠪᠠᠷᠢᠭᠠᠳᠠ ᠪᠣᠯᠭᠠᠨ ᠥᠭᠡᠷᠡᠴᠢᠯᠡᠨ ᠪᠠᠶᠢᠭᠤᠯᠵᠤ᠂ ᠨᠢᠭᠡᠳᠦᠭᠡᠷ ᠬᠤᠷᠢᠶᠠᠨ ᠤ ᠳᠠᠷᠤᠭ᠎ᠠ ᠶᠢᠨ ᠲᠤᠰᠢᠶᠠᠯ ᠢ ᠡᠭᠦᠷᠭᠡᠯᠡᠨ᠂ 10 ᠰᠠᠷ᠎ᠠ ᠳᠤ ᠴᠡᠷᠢᠭ ᠠᠩᠭᠢ ᠪᠠᠨ ᠳᠠᠭᠠᠭᠤᠯᠤᠨ᠂ ᠶᠠᠫᠤᠨ ᠴᠡᠷᠢᠭ ᠢ ᠬᠤᠷᠢᠭᠯᠠᠨ ᠴᠤᠬᠢᠵᠤ ᠬᠦᠬᠡᠬᠤᠲᠠ ᠶᠢ ᠬᠠᠮᠠᠭᠠᠯᠠᠬᠤ ᠪᠠᠶᠢᠯᠳᠤᠭᠠᠨ ᠳᠤ ᠣᠷᠣᠯᠴᠠᠪᠠ᠃1938 ᠣᠨ ᠤ ᠡᠬᠢ ᠪᠠᠷ᠂ ᠲᠤᠰ ᠴᠡᠷᠢᠭ ᠠᠩᠭᠢ ᠶᠢ ᠮᠣᠩᠭᠤᠯ ᠬᠤᠰᠢᠭᠤᠨ ᠤ ᠲᠤᠰᠠᠭᠠᠷ ᠪᠠᠷᠢᠭᠠᠳᠠ ᠭᠡᠵᠦ ᠬᠠᠯᠠᠵᠤ᠂ ᠣᠷᠣᠯᠠᠭᠴᠢ ᠪᠠᠷᠢᠭᠠᠳᠠ ᠶᠢᠨ ᠳᠠᠷᠤᠭ᠎ᠠ ᠶᠢᠨ ᠲᠤᠰᠢᠶᠠᠯ ᠢ ᠡᠭᠦᠷᠭᠡᠯᠡᠵᠦ᠂ 6 ᠰᠠᠷ᠎ᠠ ᠳᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠲᠤᠰ ᠪᠠᠷᠢᠭᠠᠳᠠ ᠳᠤ ᠴᠡᠷᠢᠭ ᠤᠨ ᠶᠠᠪᠤᠳᠠᠯ ᠤᠯᠤᠰ ᠲᠦᠷᠦ ᠶᠢᠨ ᠵᠥᠪᠯᠡᠯ ᠪᠠᠶᠢᠭᠤᠯᠵᠤ᠂ ᠵᠢᠢ ᠰᠦᠩ ᠯᠢᠩ ᠴᠡᠷᠢᠭ ᠤᠨ ᠶᠠᠪᠤᠳᠠᠯ ᠤᠨ ᠭᠡᠰᠢᠭᠦᠨ ᠤ ᠲᠤᠰᠢᠶᠠᠯ ᠢ ᠬᠠᠷᠢᠭᠤᠴᠠᠪᠠ᠃ 1939 ᠣᠨ ᠤ ᠵᠤᠨ᠂ ᠮᠣᠩᠭᠤᠯ ᠬᠤᠰᠢᠭᠤᠨ ᠤ ᠲᠤᠰᠠᠭᠠᠷ ᠪᠠᠷᠢᠭᠠᠳᠠ ᠶᠢ ᠰᠢᠨ᠎ᠡ ᠪᠠᠷ ᠪᠠᠶᠢᠭᠤᠯᠤᠭᠰᠠᠨ ᠬᠠᠭᠤᠷᠠᠢ ᠵᠠᠮ ᠤᠨ ᠴᠡᠷᠢᠭ ᠤᠨ ᠭᠤᠷᠪᠠᠳᠤᠭᠠᠷ ᠳ᠋ᠢᠸᠢᠽᠢ ᠪᠣᠯᠭᠠᠨ ᠥᠷᠭᠡᠳᠬᠡᠨ ᠪᠠᠶᠢᠭᠤᠯᠵᠤ᠂ ᠳᠣᠯᠣᠳᠤᠭᠠᠷ ᠬᠤᠷᠢᠶ᠎ᠠ ᠶᠢᠨ ᠳᠠᠷᠤᠭ᠎ᠠ ᠶᠢᠨ ᠲᠤᠰᠢᠶᠠᠯ ᠢ ᠡᠭᠦᠷᠭᠡᠯᠡᠵᠦ᠂ ᠬᠤᠵᠢᠮ ᠨᠢ ᠳᠡᠳ᠋ ᠳ᠋ᠢᠸᠢᠽᠢ ᠶᠢᠨ ᠳᠠᠷᠤᠭ᠎ᠠ ᠶᠢᠨ ᠲᠤᠰᠢᠶᠠᠯ ᠳᠤ ᠳᠡᠪᠰᠢᠪᠡ᠃ 1941 ᠣᠨ ᠳᠤ ᠰᠢᠨ᠎ᠡ ᠭᠤᠷᠪᠠᠳᠤᠭᠠᠷ ᠳ᠋ᠢᠸᠢᠽᠢ ᠵᠠᠷᠯᠢᠭ ᠢᠶᠠᠷ ᠶᠡᠭᠡ ᠵᠤᠤ ᠠᠶᠢᠮᠠᠭ ᠠᠴᠠ ᠭᠠᠨᠰᠤ ᠮᠤᠵᠢ ᠶᠢᠨ ᠵᠢᠩᠶᠤᠸᠠᠨ ᠰᠢᠶᠠᠨ ᠳᠤ ᠬᠦᠷᠴᠦ ᠴᠡᠭᠴᠡᠯᠡᠨ ᠪᠣᠯᠪᠠᠰᠤᠷᠠᠭᠤᠯᠬᠤ ᠦᠶ᠎ᠡ ᠳᠤ᠂ ᠹᠦ᠋ ᠽᠦᠸᠧ ᠢ ᠶᠢᠨ ᠲᠣᠮᠢᠯᠠᠯᠲᠠ ᠪᠠᠷ ᠱᠠᠮᠪᠠ ᠳᠤ ᠬᠦᠷᠴᠦ᠂ ᠰᠦᠢᠶᠤᠸᠠᠨ ᠤ ᠵᠡᠭᠦᠨ ᠬᠡᠰᠡᠭ ᠤᠨ ᠫᠠᠷᠲ᠋ᠢᠽᠠᠨ ᠰᠧᠯᠢᠩ ᠤᠨ ᠲᠤᠰᠢᠶᠠᠯ ᠢ ᠬᠠᠷᠢᠭᠤᠴᠠᠪᠠ᠃ 1942 ᠣᠨ ᠤ 2 ᠰᠠᠷ᠎ᠠ ᠶᠢᠨ 10 ᠤ ᠡᠳᠦᠷ᠂ ᠱᠠᠮᠪᠠ ᠳᠤ ᠭᠤᠮᠢᠨᠳᠠᠩ ᠤᠨ ᠲᠠᠩᠨᠠᠭᠤᠯ ᠤᠨ ᠬᠤᠤᠪᠢᠯᠳᠣᠯᠭ᠎ᠠ ᠳᠤ ᠨᠢᠭᠤᠴᠠ ᠪᠠᠷ ᠬᠤᠣᠷᠯᠠᠭᠳᠠᠪᠠ᠂ ᠲᠤᠬᠠᠢ ᠶᠢᠨ ᠦᠶ᠎ᠡ ᠳᠤ 43 ᠨᠠᠰᠤᠲᠠᠢ ᠪᠠᠶᠢᠪᠠ᠃        1989 ᠣᠨ ᠤ 6 ᠰᠠᠷ᠎ᠠ ᠶᠢᠨ 30 ᠤ ᠡᠳᠦᠷ᠂ ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠠᠷᠠᠳ ᠤᠨ ᠶᠠᠪᠤᠳᠠᠯ ᠤᠨ ᠶᠠᠮᠤᠨ ᠠᠴᠠ ᠲᠡᠭᠦᠨ ᠢ ᠬᠤᠪᠢᠰᠬᠠᠯ ᠤᠨ ᠦᠷᠡᠭᠳᠡᠭᠰᠡᠨ ᠪᠠᠭᠠᠲᠤᠷ ᠢᠶᠠᠷ ᠨᠡᠬᠡᠮᠵᠢᠯᠡᠨ ᠡᠷᠭᠦᠮᠵᠢᠯᠡᠪᠡ᠃
ᠢᠷᠡᠯᠲᠡ᠄ ᠳᠤᠰ ᠰᠦᠯᠵᠢᠶ᠎ᠡ