【 ᠦᠨᠳᠦᠰᠦᠨ ᠱᠠᠳᠤᠨ ᠤ ᠠᠶᠠᠯᠠᠯ】ᠡᠨᠡ ᠵᠢᠯ 30 ᠲᠦᠮᠡᠨ ᠫᠧᠩᠰᠡ ᠴᠡᠴᠡᠭ ᠪᠣᠶᠢᠵᠢᠭᠤᠯᠤᠨ᠎ᠠ︕
ᠨᠡᠶᠢᠲᠡᠯᠡᠭᠰᠡᠨ ᠴᠠᠭ᠄
2023/2/4
      ᠲᠠᠷᠢᠬᠤ᠂ ᠠᠷᠠᠴᠢᠯᠠᠬᠤ᠂ ᠬᠥᠷᠥᠰᠥ ᠰᠢᠷᠣᠢ ᠰᠢᠮᠡᠵᠢᠬᠦᠯᠬᠦ ᠁ ᠵᠢᠯ ᠪᠦᠷᠢ ᠶᠢᠨ ᠴᠠᠭᠠᠨ ᠰᠠᠷ᠎ᠠ ᠶᠢᠨ ᠤᠷᠢᠳ ᠬᠤᠵᠢᠳ ᠢᠶᠠᠷ ᠶᠠᠭ ᠰᠠᠶᠢᠬᠠᠨ ᠨᠢᠯᠬ᠎ᠠ ᠴᠢᠬᠢ ᠪᠣᠶᠢᠵᠢᠭᠤᠯᠬᠤ ᠵᠠᠩᠭᠢᠯᠠᠭ᠎ᠠ ᠶᠢᠨ ᠬᠤᠭᠤᠴᠠᠭ᠎ᠠ ᠪᠣᠯᠵᠤ᠂ ᠳ᠋ᠦᠩᠱᠧᠩ ᠲᠣᠭᠤᠷᠢᠭ ᠤᠨ ᠴᠡᠴᠡᠷᠯᠢᠭᠵᠢᠬᠦᠯᠦᠯᠳᠠ ᠨᠣᠭᠤᠭᠠᠷᠠᠭᠤᠯᠤᠯᠲᠠ ᠶᠢᠨ ᠦᠢᠯᠡᠰ ᠤᠨ ᠬᠥᠭᠵᠢᠯᠲᠡ ᠶᠢᠨ ᠲᠥᠪ ᠤᠨ ᠴᠢᠬᠢ ᠪᠤᠶᠢᠵᠢᠭᠤᠯᠬᠤ ᠬᠦᠷᠢᠶᠡᠯᠡᠩ ᠤᠨ ᠮᠡᠷᠭᠡᠵᠢᠯ ᠤᠨ ᠠᠵᠢᠯᠲᠠᠨ ᠵᠢᠴᠢ ᠴᠡᠴᠡᠷᠯᠢᠭᠵᠢᠬᠦᠯᠦᠯᠳᠠ ᠶᠢᠨ ᠠᠵᠢᠯᠴᠢᠳ ᠠᠯᠢ ᠬᠡᠳᠤᠶᠢᠨ ᠶᠠᠭᠠᠷᠠᠯᠲᠠᠢ ᠠᠵᠢᠯᠯᠠᠵᠤ ᠡᠬᠢᠯᠡᠵᠡᠢ᠃ ᠳ᠋ᠦᠩᠱᠧᠩ ᠲᠣᠭᠤᠷᠢᠭ ᠤᠨ ᠴᠡᠴᠡᠷᠯᠢᠭᠵᠢᠬᠦᠯᠦᠯᠳᠠ ᠨᠣᠭᠤᠭᠠᠷᠠᠭᠤᠯᠤᠯᠲᠠ ᠶᠢᠨ ᠦᠢᠯᠡᠰ ᠤᠨ ᠬᠥᠭᠵᠢᠯᠲᠡ ᠶᠢᠨ ᠲᠥᠪ ᠤᠨ ᠴᠢᠬᠢ ᠪᠤᠶᠢᠵᠢᠭᠤᠯᠬᠤ ᠬᠦᠷᠢᠶᠡᠯᠡᠩ ᠳᠤ ᠰᠠᠶ᠋ᠢᠬᠠᠨ ᠪᠣᠶᠢᠵᠢᠭᠤᠯᠤᠭᠰᠠᠨ ᠰᠢᠨ᠎ᠡ ᠴᠢᠬᠢ ᠰᠣᠶᠣᠭᠠᠯᠠᠵᠤ ᠡᠬᠢᠯᠡᠵᠡᠢ᠃ ᠡᠨᠡ ᠵᠢᠯ ᠴᠢᠬᠢ ᠪᠤᠶᠢᠵᠢᠭᠤᠯᠬᠤ ᠬᠦᠷᠢᠶᠡᠯᠡᠩ  ᠤᠨ ᠬᠢᠨ 1 ᠰᠠᠷ᠎ᠠ ᠶᠢᠨ 10 ᠤ ᠡᠳᠦᠷ ᠠᠴᠠ ᠡᠬᠢᠯᠡᠨ ᠴᠢᠬᠢ ᠪᠤᠶᠢᠵᠢᠭᠤᠯᠵᠤ᠂ ᠡᠭᠦᠨ ᠳᠤ ᠭᠤᠣᠯᠳᠠᠭᠤ ᠡᠨᠡᠳᠪᠠᠯ᠎ᠠ ᠴᠡᠴᠡᠭ᠂ ᠡᠮᠦᠨᠡᠲᠦ ᠠᠹᠷᠢᠺᠠ ᠶᠢᠨ ᠦᠯᠵᠡᠶᠢᠳᠤ ᠤᠳᠪᠠᠯᠠ᠂ ᠭᠤᠪᠠᠢ ᠴᠡᠴᠡᠭ ᠪᠠᠭᠳᠠᠨ᠎ᠠ᠃ ᠣᠶᠢᠷ᠎ᠠ ᠶᠢᠨ ᠬᠤᠭᠤᠴᠠᠭᠠᠨ ᠳᠤ ᠶᠠᠭ ᠰᠠᠶᠢᠬᠠᠨ ᠨᠢᠯᠬ᠎ᠠ ᠴᠢᠬᠢ ᠶᠢᠨ ᠤᠷᠭᠤᠯᠲᠠ ᠶᠢᠨ ᠵᠠᠩᠭᠢᠯᠠᠭ᠎ᠠ ᠶᠢᠨ ᠱᠠᠲᠤᠨ ᠳᠤ ᠤᠷᠤᠵᠤ᠂ 40 ᠭᠠᠷᠤᠢ ᠡᠳᠦᠷ  ᠤᠨ ᠨᠠᠷᠢᠨ ᠨᠢᠮᠪᠠᠢ ᠲᠠᠰᠤᠷᠠᠯᠳᠠ ᠦᠬᠡᠢ ᠠᠷᠠᠴᠢᠯᠠᠭ᠎ᠠ ᠪᠠᠷ  ᠰᠠᠶ᠋ᠢ ᠪᠤᠳᠠᠯᠠᠬᠤ ᠪᠤᠯᠤᠨ᠎ᠠ᠃     ᠣᠶᠢᠯᠠᠭᠠᠭᠰᠠᠨ ᠢᠶᠠᠷ᠂ ᠳ᠋ᠦᠩᠱᠧᠩ ᠲᠣᠭᠤᠷᠢᠭ ᠤᠨ ᠴᠡᠴᠡᠷᠯᠢᠭᠵᠢᠬᠦᠯᠦᠯᠳᠠ ᠨᠣᠭᠤᠭᠠᠷᠠᠭᠤᠯᠤᠯᠲᠠ ᠶᠢᠨ ᠦᠢᠯᠡᠰ ᠤᠨ ᠬᠥᠭᠵᠢᠯᠲᠡ ᠶᠢᠨ ᠲᠥᠪ ᠤᠨ ᠴᠢᠬᠢ ᠪᠤᠶᠢᠵᠢᠭᠤᠯᠬᠤ ᠬᠦᠷᠢᠶᠡᠯᠡᠩ ᠤᠨ ᠡᠵᠡᠯᠡᠬᠦ ᠭᠠᠵᠠᠷ 260 ᠮᠦ ᠪᠠᠶᠢᠵᠤ᠂ ᠡᠨᠡ ᠵᠢᠯ 30 ᠲᠦᠮᠡᠨ ᠫᠸᠡᠭᠰᠠ ᠴᠡᠴᠡᠭ ᠢ ᠪᠣᠶᠢᠵᠢᠭᠤᠯᠬᠤ ᠪᠠᠷ ᠲᠥᠯᠥᠪᠯᠡᠵᠦ ᠪᠠᠶᠢᠨ᠎ᠠ᠃ ᠥᠩᠭᠡᠷᠡᠭᠰᠡᠨ ᠵᠢᠯ ᠤᠨ ᠴᠢᠬᠢ ᠪᠣᠶᠢᠵᠢᠭᠤᠯᠬᠤ ᠠᠷᠭ᠎ᠠ ᠮᠠᠶ᠋ᠢᠭ ᠢ ᠬᠤᠪᠢᠷᠠᠭᠤᠯᠬᠤ ᠪᠠᠷ  ᠲᠠᠮᠵᠢᠨ᠂ ᠪᠣᠶᠢᠵᠢᠭᠤᠯᠬᠤ ᠴᠢᠬᠢ ᠶᠢᠨ ᠲᠤᠭ᠎ᠠ ᠬᠡᠮᠵᠢᠶ᠎ᠡ ᠶᠢ ᠪᠠᠭᠤᠷᠠᠭᠤᠯᠵᠤ᠂ ᠨᠢᠯᠬ᠎ᠠ ᠴᠢᠬᠢ ᠶᠢᠨ ᠶᠠᠰᠤ ᠴᠢᠨᠠᠷ ᠢ ᠲᠡᠭᠡᠭᠰᠢᠯᠡᠬᠦᠯᠦᠨ᠎ᠠ᠃ ᠡᠭᠦᠨ ᠠᠴᠠ ᠭᠠᠳᠠᠨ᠎ᠠ᠂ ᠪᠠᠰᠠ ᠰᠢᠨ᠎ᠡ ᠡᠭᠦᠯᠳᠡᠷ ᠤᠨ ᠬᠦᠢᠲᠡᠨ ᠰᠡᠷᠢᠭᠦᠨ ᠳᠤ ᠲᠡᠰᠪᠤᠷᠢᠳᠠᠢ ᠡᠮᠦᠨᠡᠲᠦ ᠠᠹᠷᠢᠺᠠ ᠶᠢᠨ ᠦᠯᠵᠡᠶᠢᠳᠤ ᠤᠳᠪᠠᠯᠠ ᠶᠢ ᠤᠷᠤᠭᠤᠯᠵᠤ᠂ ᠳ᠋ᠦᠩᠱᠧᠩ ᠲᠣᠭᠤᠷᠢᠭ ᠤᠨ ᠬᠦᠢᠳᠡᠨ ᠰᠡᠷᠢᠭᠦᠨ ᠳᠤ ᠲᠡᠰᠪᠤᠷᠢᠳᠠᠢ ᠴᠡᠴᠡᠭ ᠤᠨ ᠲᠥᠷᠥᠯ ᠵᠦᠢᠯ ᠢ ᠤᠯᠠᠮ ᠨᠢᠭᠡ ᠠᠯᠬᠤᠮ ᠪᠠᠶᠠᠯᠢᠭᠵᠢᠭᠤᠯᠵᠠᠢ᠃ 
微信图片_20230208115222.jpg   
    ︽ᠡᠨᠡ ᠵᠢᠯ ᠤᠨ ᠴᠠᠭᠠᠨ ᠰᠠᠷ᠎ᠠ ᠪᠢ ᠭᠡᠷ ᠲᠡᠭᠡᠨ ᠬᠠᠷᠢᠭᠰᠡᠨ ᠦᠬᠡᠢ᠂ ᠠᠳᠡ ᠨᠢᠯᠬ᠎ᠠ ᠴᠢᠬᠢ ᠪᠠᠨ ᠠᠷᠠᠴᠢᠯᠠᠵᠤ ᠰᠠᠭᠤᠯ᠎ᠠ᠂ ᠬᠡᠳᠦᠶᠢᠪᠡᠷ ᠵᠢᠭᠠᠬᠠᠨ ᠵᠦᠳᠡᠷᠡᠯᠲᠡᠢ ᠪᠣᠯᠪᠠᠴᠤ ᠡᠳᠡᠭᠡᠷ ᠴᠡᠴᠡᠭ ᠤᠨ ᠴᠢᠬᠢ ᠨᠢ ᠬᠤᠶᠢᠰᠢᠳᠠ ᠪᠢᠳᠠᠨ ᠤ ᠬᠤᠲᠠ ᠶᠢ ᠭᠤᠶᠤᠯᠠᠨ ᠴᠢᠮᠡᠭᠯᠠᠨ᠎ᠠ ᠬᠡᠵᠤ ᠪᠤᠳᠤᠬᠤᠯᠠᠷ ᠮᠠᠰᠢ ᠤᠳᠬ᠎ᠠ ᠠᠭᠤᠯᠭ᠎ᠠ  ᠲᠠᠢ ᠰᠠᠨᠠᠭᠳᠠᠬᠤ ᠶᠤᠮ︾᠃                                                  — ᠴᠡᠴᠡᠷᠯᠢᠭᠵᠢᠬᠦᠯᠦᠯᠳᠠ ᠶᠢᠨ ᠠᠵᠢᠯᠴᠢᠨ ᠶᠠᠩ ᠭᠦᠸᠧ ᠫᠢᠩ    
微信图片_20230208115236.jpg
            ︽ᠪᠠᠷᠤᠭ 2 ᠰᠠᠷ᠎ᠠ ᠶᠢᠨ ᠳᠤᠮᠳᠠᠴᠢ ᠪᠠᠷ ᠪᠤᠳᠠᠯᠠᠨ ᠡᠬᠢᠯᠡᠵᠤ᠂ 5 ᠰᠠᠷ᠎ᠠ ᠶᠢᠨ ᠰᠡᠭᠦᠯᠴᠢ ᠪᠣᠯᠬᠤ ᠳᠤ ᠬᠦᠷᠢᠶᠡᠯᠡᠩ ᠠᠴᠠ ᠭᠠᠷᠭᠠᠵᠤ ᠵᠡᠭᠡᠯᠢ ᠲᠡᠭᠡᠷ᠎ᠡ ᠬᠡᠷᠡᠭᠯᠡᠬᠦ ᠪᠤᠯᠤᠨ᠎ᠠ᠂ ᠤᠯᠠᠨ ᠢᠶᠠᠷ ᠢᠶᠠᠨ ᠴᠠᠭᠠᠨ ᠰᠠᠷ᠎ᠠ ᠴᠦ ᠠᠮᠠᠷᠠᠬᠤ ᠦᠭᠡᠢ ᠴᠠᠭ ᠨᠡᠮᠡᠵᠤ ᠠᠵᠢᠯᠯᠠᠵᠤ ᠪᠠᠶᠢᠬᠤ ᠨᠢ ᠳᠠᠷᠤᠢ ᠨᠡᠩ ᠰᠠᠶᠢᠨ ᠨᠡᠩ ᠭᠤᠶᠤ ᠬᠤᠸᠠᠷ ᠴᠡᠴᠡᠭ ᠢ ᠪᠣᠶᠢᠵᠢᠭᠤᠯᠵᠤ ᠮᠠᠨ ᠤ ᠳ᠋ᠦᠩᠱᠧᠩ ᠤᠨ ᠬᠤᠳᠠ ᠶᠢᠨ ᠠᠷᠠᠳ ᠲᠤ ᠨᠡᠩ ᠰᠠᠶᠢᠨ ᠰᠠᠶᠢᠬᠠᠨ ᠠᠮᠢᠳᠤᠷᠠᠯ ᠤᠨ ᠣᠷᠴᠢᠨ ᠲᠣᠭᠤᠷᠢᠨ ᠢ ᠪᠤᠢ ᠪᠤᠯᠭᠠᠨ ᠦᠭᠭ᠊ ‍ᠤ᠋‌‍ᠶᠢᠨ ᠲᠥᠯᠥᠭᠡ ᠶᠤᠮ︾             — ᠳ᠋ᠦᠩᠱᠧᠩ ᠲᠣᠭᠤᠷᠢᠭ ᠤᠨ ᠴᠡᠴᠡᠷᠯᠢᠭᠵᠢᠬᠦᠯᠦᠯᠳᠠ ᠨᠣᠭᠤᠭᠠᠷᠠᠭᠤᠯᠤᠯᠲᠠ ᠶᠢᠨ ᠦᠢᠯᠡᠰ ᠤᠨ ᠬᠥᠭᠵᠢᠯᠲᠡ ᠶᠢᠨ ᠲᠥᠪ ᠤᠨ ᠴᠢᠬᠢ ᠪᠤᠶᠢᠵᠢᠭᠤᠯᠬᠤ ᠬᠦᠷᠢᠶᠡᠯᠡᠩ ᠤᠨ ᠠᠵᠢᠯᠲᠠᠨ ᠰᠢᠦᠢ ᠯᠠᠢ ᠵᠧᠨ
9.jpg
   
ᠢᠷᠡᠯᠲᠡ᠄ ᠲᠤᠰ ᠰᠦᠯᠵᠢᠶ᠎ᠠ