ᠬᠡᠤᠬᠡᠳ ᠤᠨ ᠨᠢᠳᠤ ᠶᠢ ᠬᠠᠮᠠᠭᠠᠯᠠᠵᠤ ᠦᠢᠷ᠎ᠠ ᠬᠠᠷᠠᠭ᠎ᠠ ᠠᠴᠠ ᠰᠡᠷᠬᠡᠶᠢᠯᠡᠶ᠎ᠡ
ᠨᠡᠶᠢᠲᠡᠯᠡᠭᠰᠡᠨ ᠴᠠᠭ᠄
2023/2/24
      ᠠᠮᠠᠷᠠᠯᠳᠠ ᠶᠢᠨ ᠬᠤᠭᠤᠴᠠᠭᠠᠨ ᠳᠤ ᠬᠡᠤᠬᠡᠳ ᠲᠧᠯᠸᠢᠰ ᠦᠵᠡᠬᠦ᠂ ᠭᠠᠷ ᠤᠳᠠᠰᠤ ᠨᠠᠭᠠᠳᠬᠤ ᠴᠠᠭ ᠨᠢ ᠤᠷᠳᠤ ᠪᠤᠯᠤᠭᠰᠠᠨ ᠨᠢ ᠶᠠᠷᠢᠶᠠᠨ ᠦᠬᠡᠢ᠃ ᠭᠠᠷ ᠤᠳᠠᠰᠤ ᠦᠵᠡᠬᠦ ᠨᠢ ᠨᠢᠬᠡ ᠴᠠᠭ ᠤᠨ ᠪᠠᠶᠠᠷ ᠪᠠᠭ᠋ᠠᠳᠤᠯ ᠲᠠᠢ ᠪᠤᠯᠪᠠᠴᠤ ᠨᠢᠳᠤᠨ ᠳᠤ ᠬᠠᠯᠠ ᠲᠠᠢ᠂ ᠬᠢᠴᠢᠶᠡᠬᠦ ᠦᠬᠡᠢ ᠪᠤᠯ ᠦᠢᠷ᠎ᠠ ᠬᠠᠷᠠᠭ᠎ᠠ ᠲᠠᠢ ᠪᠤᠯᠤᠨ᠎ᠠ᠃ ᠬᠡᠷ ᠤᠨ ᠠᠬᠠᠮᠠᠳ ᠬᠡᠤᠬᠡᠳ ᠤᠨ ᠢᠶᠠᠨ ᠨᠢᠳᠤᠨ ᠬᠠᠷᠠᠭ᠎ᠠ ᠶᠢ ᠬᠠᠮᠠᠭᠠᠯᠠᠬᠤ ᠶᠢᠨ ᠲᠦᠯᠦᠬᠡ᠂ ᠦᠢᠷ᠎ᠠ ᠬᠠᠷᠠᠭ᠎ᠠ ᠶᠢᠨ ᠳᠤᠬᠠᠢ ᠮᠡᠳᠡᠯᠬᠡ  ᠶᠢ ᠮᠡᠳᠡᠵᠤ ᠪᠠᠶᠢᠭᠠᠷᠠᠢ᠃       ᠦᠢᠷ᠎ᠠ ᠬᠠᠷᠠᠭ᠎ᠠ ᠨᠢ ᠶᠠᠮᠠᠷ ᠢᠯᠡᠷᠡᠯ ᠲᠠᠢ ᠪᠤᠢ︖       ᠶᠠᠭᠤᠮ᠎ᠠ ᠶᠢ ᠨᠢᠳᠤ ᠪᠠᠨ ᠠᠨᠢᠯᠬᠢᠯᠠᠭᠠᠳ ᠦᠵᠡᠬᠦ       ᠨᠢᠳᠤ ᠪᠠᠨ ᠪᠠᠶᠢᠨ ᠳᠠᠬᠢᠨ ᠨᠤᠬᠤᠯᠠᠬᠤ       ᠶᠠᠭᠤᠮ᠎ᠠ ᠶᠢ ᠦᠢᠷᠠᠬᠠᠨ ᠠᠴᠠ ᠦᠵᠡᠬᠦ       ᠦᠢᠷ᠎ᠠ ᠬᠠᠷᠠᠭ᠎ᠠ ᠶᠢ ᠰᠡᠷᠬᠡᠶᠢᠯᠡᠬᠦ ᠠᠷᠭ᠎ᠠ       ᠲᠦᠪ ᠰᠠᠭᠤᠨ᠎ᠠ       ᠰᠤᠷᠤᠯᠭ᠎ᠠ ᠶᠢᠨ ᠠᠮᠢᠳᠤᠷᠠᠯ ᠳᠤ ᠪᠠᠨ ᠲᠦᠪ ᠰᠠᠭᠤᠬᠤ ᠶᠢ ᠠᠩᠬᠠᠷᠴᠤ᠂ ᠬᠦᠵᠦᠬᠦᠦ ᠰᠡᠬᠡᠷ᠂ ᠨᠢᠷᠤᠭᠤ᠂ ᠬᠦᠯ ᠭᠠᠷ ᠬᠦᠰᠢᠵᠤ ᠴᠢᠨᠦᠬᠦ᠂ ᠨᠢᠳᠤ ᠶᠠᠳᠠᠷᠠᠬᠤ ᠠᠴᠠ ᠵᠠᠶᠢᠯᠠᠰᠬᠢᠪᠡᠯ ᠵᠤᠬᠢᠨ᠎ᠠ᠃       ᠡᠯᠧᠺᠲᠷᠤᠨ ᠪᠦᠳᠦᠬᠡᠭᠳᠡᠬᠦᠨ ᠢ ᠵᠤᠬᠢᠰᠳᠠᠢ ᠬᠡᠷᠡᠭᠯᠡᠨ᠎ᠡ      3 ᠨᠠᠰᠤ ᠬᠦᠷᠦᠬᠡᠳᠤᠢ ᠬᠡᠤᠬᠡᠳ ᠡᠯᠧᠺᠲᠷᠤᠨ ᠪᠦᠳᠦᠬᠡᠭᠳᠡᠬᠦᠨ ᠬᠡᠷᠡᠭᠯᠡᠬᠦ ᠦᠬᠡᠢ᠃ 3 — 6 ᠨᠠᠰᠤᠨ ᠤ ᠬᠡᠤᠬᠡᠳ ᠡᠯᠧᠺᠲᠷᠤᠨ ᠪᠦᠳᠦᠬᠡᠭᠳᠡᠬᠦᠨ ᠢ ᠬᠡᠷᠡᠭᠯᠡᠬᠦ ᠳᠤ ᠡᠳᠤᠷ ᠪᠦᠷᠢ 1 ᠴᠠᠭ ᠠᠴᠠ ᠬᠡᠳᠤᠷᠡᠬᠦᠯᠬᠦ ᠦᠬᠡᠢ᠃       ᠨᠢᠳᠤᠨ ᠤ ᠳᠠᠮᠢᠷ ᠬᠢᠵᠤ ᠨᠢᠳᠤᠨ ᠤ ᠶᠠᠳᠠᠷᠠᠭ᠎ᠠ ᠶᠢ ᠳᠠᠶᠢᠯᠤᠨ᠎ᠠ      20 ᠮᠢᠨᠦ᠋ᠲ ᠦᠢᠷ᠎ᠠ ᠬᠠᠷᠠᠭᠰᠠᠨ ᠪᠤᠯ 6 ᠮᠧᠲᠷ ᠤᠨ ᠬᠠᠷᠠᠯᠳᠠ ᠶᠢ 20 ᠰᠧᠺᠦ᠋ᠨ᠋ᠲ ᠬᠠᠷᠠᠵᠤ᠂ ᠳᠠᠷᠠᠭ᠎ᠠ  ᠨᠢ 30 ᠰᠡᠨᠲ᠋ᠢᠮᠧᠲᠷ ᠤᠨ ᠬᠠᠷᠠᠯᠳᠠ ᠶᠢ ᠬᠠᠷᠠᠵᠤ ᠨᠢᠳᠤᠨ ᠤ ᠪᠤᠯᠴᠢᠩ ᠢ ᠴᠢᠩᠭᠠᠷᠠᠭᠤᠯᠤᠨ᠂ ᠪᠤᠯᠤᠷᠯᠢᠭ ᠴᠤᠭᠴᠠ  ᠶᠢ ᠵᠤᠵᠠᠭᠠᠨ ᠪᠤᠯᠭᠠᠨ᠎ᠠ᠃  ᠤᠳᠠᠭ᠎ᠠ ᠪᠦᠷᠢ 10 —15 ᠮᠢᠨᠦ᠋ᠲ᠂ ᠡᠳᠤᠷ ᠲᠤ 3 — 4 ᠤᠳᠠᠭ᠎ᠠ ᠬᠢᠨ᠎ᠡ᠃       ᠨᠢᠳᠤ ᠶᠢ ᠬᠠᠮᠠᠭᠠᠯᠠᠳᠠᠭ ᠦᠩᠬᠡ       ᠨᠤᠭᠤᠭᠠᠨ ᠦᠩᠬᠡ ᠨᠢ ᠬᠡᠤᠬᠡᠳ ᠪᠠᠭᠠᠴᠤᠳ ᠤᠨ ᠨᠢᠳᠤᠨ ᠤ ᠡᠷᠡᠬᠦᠯ ᠮᠡᠨᠳᠤ ᠳᠤ ᠳᠤᠰᠠᠳᠠᠢ ᠪᠠᠶᠢᠳᠠᠭ᠃ ᠤᠯᠠᠭᠠᠨ ᠰᠢᠷ᠎ᠠ ᠦᠩᠬᠡᠨ ᠤ ᠦᠢᠯᠳᠠ ᠨᠢ ᠬᠤᠷᠴᠠ᠂ ᠨᠢᠳᠤᠨ ᠳᠤ ᠦᠭᠬᠦ ᠰᠡᠳᠡᠯᠳᠡ ᠨᠢ ᠶᠡᠭᠡ ᠪᠠᠶᠢᠳᠠᠭ᠃ ᠨᠤᠭᠤᠭᠠᠨ ᠦᠩᠬᠡ ᠶᠢᠨ ᠦᠢᠯᠳᠠ ᠨᠢ ᠳᠤᠮᠳᠠ ᠵᠡᠷᠬᠡ ᠶᠢᠨ ᠪᠠᠶᠢᠵᠤ᠂ ᠬᠦᠮᠦᠨ ᠤ ᠮᠡᠳᠡᠷᠡᠯ ᠤᠨ ᠰᠢᠰᠲ᠋ᠧᠮ᠂ ᠳᠡᠷᠢᠬᠢᠨ ᠤ ᠪᠤᠷᠤ ᠳᠠᠪᠬᠤᠷᠭ᠎ᠠ ᠪᠠ ᠨᠢᠳᠤᠨ ᠤ ᠳᠤᠤᠷᠯᠢᠭ ᠪᠦᠷᠬᠦᠪᠴᠢ ᠳᠤ ᠬᠡᠳᠤ ᠴᠢᠩᠭ᠎ᠠ ᠰᠡᠳᠡᠯᠳᠡ ᠦᠭᠳᠡᠭ ᠦᠬᠡᠢ᠃ ᠡᠬᠦᠨ ᠠᠴᠠ ᠭᠠᠳᠠᠨ᠎ᠠ᠂ ᠨᠤᠭᠤᠭᠠᠨ ᠦᠩᠬᠡᠳᠤ ᠤᠷᠭᠤᠮᠠᠯ ᠨᠢ ᠬᠤᠷᠴᠠ ᠬᠡᠷᠡᠯ ᠤᠨ ᠨᠢᠳᠤᠨ ᠳᠤ ᠦᠭᠬᠦ ᠴᠢᠩᠭ᠎ᠠ ᠰᠡᠳᠡᠯᠳᠡ ᠶᠢ ᠨᠠᠮᠳᠠᠭᠤᠯᠳᠠᠭ᠃       ᠬᠡᠷᠪᠡ ᠬᠡᠤᠬᠡᠳ ᠲᠤ ᠦᠢᠷ᠎ᠠ ᠬᠠᠷᠠᠭ᠎ᠠ ᠶᠢᠨ ᠢᠯᠡᠷᠡᠯ ᠭᠠᠷᠤᠭᠰᠠᠨ ᠪᠤᠯ ᠶᠠᠭᠠᠬᠢᠬᠤ ᠪᠤᠢ︖       ᠬᠡᠤᠬᠡᠳ ᠦᠢᠷ᠎ᠠ ᠶᠠᠭᠤᠮ᠎ᠠ ᠬᠠᠷᠠᠬᠤ ᠨᠢ ᠢᠯᠡᠬᠦᠦ᠂ ᠰᠤᠷᠮᠤᠤᠰᠤᠯᠢᠭ ᠪᠤᠯᠴᠢᠩ ᠤᠨ ᠳᠤᠰ ᠪᠡᠶ᠎ᠡ ᠨᠢ ᠴᠤ ᠪᠤᠶᠢᠵᠢᠵᠤ ᠬᠦᠢᠴᠡᠬᠡᠳᠤᠢ ᠪᠤᠯᠬᠤᠷ ᠳᠤᠩ ᠠᠮᠠᠷᠬᠠᠨ ᠢᠶᠠᠷ ᠬᠠᠭᠤᠷᠮᠠᠭ ᠦᠢᠷ᠎ᠠ ᠬᠠᠷᠠᠭ᠎ᠠ ᠶᠢᠨ ᠪᠠᠶᠢᠳᠠᠯ ᠢᠯᠡᠷᠡᠳᠡᠭ᠃ ᠡᠶᠢᠮᠤ ᠠᠴᠠ ᠬᠡᠤᠬᠡᠳ ᠦᠢᠷ᠎ᠠ ᠬᠠᠷᠠᠭ᠎ᠠ ᠶᠢᠨ ᠪᠠᠶᠢᠳᠠᠯ ᠢᠯᠡᠷᠡᠪᠡᠯ ᠶᠠᠭᠤᠨ ᠤ ᠡᠮᠤᠨ᠎ᠡ ᠬᠡᠤᠬᠡᠳ ᠲᠤ ᠬᠡᠤᠬᠡᠨ ᠬᠠᠷᠠᠭ᠎ᠠ ᠶᠢ ᠰᠠᠶᠢᠵᠢᠷᠠᠭᠤᠯᠵᠤ᠂ ᠬᠠᠷᠠᠭ᠎ᠠ ᠰᠢᠯᠭᠠᠬᠤ ᠪᠠᠶᠢᠴᠠᠭᠠᠯᠳᠠ ᠬᠢᠯᠬᠡᠵᠤ᠂ ᠦᠨᠡᠨ ᠦᠢᠷ᠎ᠠ ᠬᠠᠷᠠᠭ᠎ᠠ ᠪᠤᠯᠤᠭᠰᠠᠨ ᠡᠰᠡᠬᠦ ᠶᠢ ᠨᠢ ᠳᠤᠳᠤᠯᠠᠭᠠᠳ ᠡᠮᠴᠢᠯᠡᠨ ᠵᠠᠰᠠᠬᠤ ᠠᠷᠭ᠎ᠠ ᠪᠠᠨ ᠰᠤᠩᠭᠤᠨ᠎ᠠ᠃
ᠢᠷᠡᠯᠲᠡ᠄ NMTV ᠰᠤᠶᠤᠯ ᠸᠢᠴᠠᠲ ᠳᠠᠪᠴᠠᠩ