ᠨᠠᠰᠣᠨᠳᠡᠯᠭᠡᠷ ︵1896—1943︶
ᠨᠡᠶᠢᠲᠡᠯᠡᠭᠰᠡᠨ ᠴᠠᠭ᠄
2023/2/22
222.jpg
      ᠨᠠᠰᠣᠨᠳᠡᠯᠭᠡᠷ 1896 ᠤᠨ ᠳᠤ ᠦᠪᠦᠷ ᠮᠤᠩᠭᠤᠯ ᠤᠨ ᠶᠡᠭᠡ ᠵᠤᠤ ᠶᠢᠨ ᠴᠢᠭᠤᠯᠭᠠᠨ ᠤ ᠦᠦᠰᠢᠨ ᠬᠤᠰᠢᠭᠤᠨ ︵ᠣᠳᠣ ᠶᠢᠨ ᠣᠷᠳᠣᠰ ᠬᠤᠲᠠ ᠶᠢᠨ ᠦᠦᠰᠢᠨ ᠬᠤᠰᠢᠭᠤ︶ ᠤ ᠨᠢᠭᠡᠨ ᠮᠠᠯᠴᠢᠨ ᠤ ᠭᠡᠷ ᠲᠤ ᠲᠦᠷᠦᠵᠦ᠂ ᠵᠠᠯᠠᠨ ᠵᠡᠷᠭᠡ ᠲᠠᠢ ᠠᠰᠪᠣᠷᠢ ᠴᠠᠭᠠᠪᠤᠷ᠂ ᠲᠦᠪ ᠭᠤᠣᠯᠴᠢ ᠵᠠᠩ ᠲᠠᠢ ᠨᠠᠭᠠᠴᠣ ᠠᠪᠤ ᠰᠠᠶᠢᠨᠵᠢᠷᠭᠠᠯ ᠤᠨ ᠭᠠᠷ ᠳᠡᠭᠡᠷ᠎ᠡ ᠦᠰᠴᠦ᠂ ᠨᠠᠭᠠᠴᠤ ᠠᠪᠤ ᠶᠢᠨ ᠢᠶᠠᠨ ᠨᠦᠯᠦᠭᠡ ᠪᠠᠷ ᠬᠠᠷᠠᠬᠠᠨ ᠪᠠᠭ᠎ᠠ ᠠᠴᠠ ᠪᠠᠨ ᠳᠠᠷᠣᠯᠠᠯ ᠮᠦᠯᠵᠢᠯ ᠢ ᠡᠰᠡᠷᠭᠦᠴᠡᠵᠦ᠂ ᠦᠭᠡᠶᠢᠭᠦᠦ ᠶᠠᠳᠠᠭᠤ ᠶᠢ ᠳᠡᠳᠭᠦᠭᠦ ᠬᠤᠪᠢᠰᠬᠠᠯᠴᠢ ᠦᠵᠡᠯ ᠰᠠᠨᠠᠭ᠎ᠠ ᠲᠠᠢ ᠬᠦᠮᠦᠨ ᠪᠤᠯᠵᠤ ᠬᠦᠮᠦᠵᠢᠭᠳᠡᠨ᠂ ᠮᠣᠩᠭᠤᠯ ᠬᠢᠳᠡᠳ ᠪᠢᠴᠢᠭ ᠲᠤ ᠨᠡᠪᠲᠡᠷᠡᠵᠦ᠂ ᠦᠯᠢᠭᠡᠷ ᠲᠡᠦᠬᠡ ᠶᠢ ᠣᠯᠠᠨ ᠦᠵᠡᠭᠰᠡᠨ ᠨᠡᠯᠢᠶᠡᠳ ᠦᠨᠳᠦᠷ ᠰᠣᠶᠣᠯ ᠪᠤᠯᠪᠠᠰᠣᠷᠠᠯ ᠲᠠᠢ ᠪᠤᠯᠤᠭᠰᠠᠨ ᠪᠠᠶᠢᠨ᠎ᠠ᠃      1915 ᠤᠨ ᠳᠤ 19 ᠨᠠᠰᠣᠲᠠᠢ ᠨᠠᠰᠣᠨᠳᠡᠯᠭᠡᠷ ᠦᠦᠰᠢᠨ ᠬᠤᠰᠢᠭᠤᠨ ᠤ ᠲᠣᠰᠠᠯᠠᠬᠤ ᠪᠢᠴᠢᠭᠡᠴᠢ ᠪᠤᠯᠵᠤ᠂ ᠬᠡᠲᠦᠨ ᠵᠢᠯ ᠤᠨ ᠳᠠᠷᠠᠭ᠎ᠠ ᠵᠢᠩᠭᠢᠨᠢ ᠪᠢᠴᠢᠭᠡᠴᠢ ᠪᠤᠯᠵᠤ ᠳᠡᠪᠰᠢᠪᠡ᠃ ᠢᠩᠭᠢᠭᠡᠳ ᠸᠠᠩ ᠭᠦᠩ ᠨᠣᠶᠠᠳ ᠲᠦᠰᠢᠮᠡᠳ ᠤᠨ ᠢᠯᠵᠢᠷᠡᠨ ᠳᠣᠷᠣᠶᠢᠳᠠᠭᠰᠠᠨ ᠠᠮᠢᠳᠣᠷᠠᠯ ᠢ ᠨᠢᠳᠦ ᠪᠠᠷ ᠢᠶᠠᠨ ᠦᠵᠡᠵᠦ ᠦᠬᠦᠨ ᠬᠤᠷᠣᠰᠴᠤ ᠵᠠᠨᠤᠵᠤ ᠪᠠᠶᠢᠭᠰᠠᠨ ᠪᠦᠭᠡᠳ ᠠᠷᠠᠳ ᠢᠷᠭᠡᠳ ᠤᠨ ᠲᠠᠷᠣᠯᠠᠯ ᠮᠦᠯᠵᠢᠯ ᠢ ᠬᠠᠨᠲᠠᠯ᠎ᠠ ᠠᠮᠰᠠᠵᠣ ᠪᠠᠶᠢᠭ᠎ᠠ ᠶᠢ ᠶᠡᠬᠡᠳᠡ ᠬᠦᠭᠡᠷᠦᠬᠦᠶᠢᠯᠡᠨ ᠦᠷᠦ ᠡᠪᠡᠳᠴᠦ ᠲᠣᠰᠠᠯᠠᠨ ᠳᠡᠮᠵᠢᠳᠡᠭ ᠪᠠᠶᠢᠪᠠ᠃ ᠶᠠᠭ ᠡᠨᠡ ᠦᠶ᠎ᠡ ᠳᠤ ᠰᠢᠨᠡᠯᠡᠮ᠎ᠡ ᠶᠢᠨ ᠣᠳᠣᠷᠢᠳᠣᠭᠰᠠᠨ ᠦᠦᠰᠢᠨ ᠬᠤᠰᠢᠭᠤᠨ ᠤ ︽ᠳᠣᠭᠤᠶᠢᠯᠠᠩ︾ ᠤᠨ ᠬᠦᠳᠡᠯᠭᠡᠭᠡᠨ ᠶᠡᠭᠡ  ᠪᠠᠷ ᠦᠷᠨᠢᠭᠡᠳ᠂ ᠸᠠᠩ ᠬᠦᠩ ᠨᠤᠶᠠᠳ ᠲᠦᠰᠢᠮᠡᠳ ᠲᠠᠢ ᠵᠡᠪᠰᠡᠭᠲᠦ ᠬᠦᠴᠦᠨ ᠤ ᠲᠡᠮᠡᠴᠡᠯ ᠶᠠᠪᠤᠭᠤᠯᠵᠤ ᠪᠠᠶᠢᠭᠰᠠᠨ ᠲᠣᠯᠠ ᠨᠠᠰᠤᠨᠳᠡᠯᠭᠡᠷ ᠪᠡᠰᠡ ᠡᠨᠡ ᠬᠦᠳᠡᠯᠭᠡᠭᠡᠨ  ᠳᠤ ᠢᠳᠡᠪᠬᠢᠲᠡᠢ ᠣᠷᠣᠯᠴᠠᠵᠤ ᠡᠬᠢᠯᠡᠪᠡ᠃      1925 ᠤᠨ ᠳᠤ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠨᠠᠮ ᠴᠢᠭᠤᠯᠭᠠᠲᠣ ᠬᠠᠭᠠᠯᠭ᠎ᠠ ᠳᠤ ᠪᠠᠶᠢᠭᠤᠯᠣᠭᠳᠠᠭᠰᠠᠨ ᠤ ᠳᠠᠷᠠᠭ᠎ᠠ᠂ ᠨᠠᠰᠣᠨᠳᠡᠯᠭᠡᠷ ᠳᠡᠮᠡᠢ ᠣᠳᠠᠯ ᠦᠭᠡᠢ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠨᠠᠮ ᠳᠤ ᠰᠠᠶᠢᠨ ᠳᠣᠷ᠎ᠠ ᠠᠴᠠ ᠪᠠᠨ ᠭᠤᠶᠣᠴᠢᠯᠠᠨ ᠣᠷᠣᠭᠠᠳ᠂ ᠦᠨᠳᠦᠰᠦᠲᠡᠨ ᠤ ᠠᠷᠠᠳᠴᠢᠯᠠᠭᠰᠠᠨ ᠬᠤᠪᠢᠰᠬᠠᠯ ᠳᠤ ᠢᠳᠡᠪᠬᠢᠲᠡᠢ ᠣᠷᠣᠯᠴᠠᠵᠣ ᠡᠬᠢᠯᠡᠵᠡᠢ᠃      1926 ᠣᠨ ᠳᠤ ᠰᠢᠨᠡᠯᠡᠮ᠎ᠡ ᠨᠠᠷ ᠪᠤᠭᠤᠲᠤ ᠳᠤ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠴᠡᠷᠢᠭ ᠤᠨ ᠠᠷᠪᠠᠨ ᠬᠤᠶᠠᠳᠣᠭᠠᠷ ᠬᠤᠷᠢᠶ᠎ᠠ ᠶᠢ ᠵᠣᠬᠢᠶᠠᠨ ᠪᠠᠶᠢᠭᠤᠯᠵᠣ᠂ ᠨᠠᠰᠣᠨᠳᠡᠯᠭᠡᠷ ᠢ ᠱᠦᠵᠢ ᠪᠠᠷ ᠲᠣᠮᠢᠯᠠᠪᠠ᠃ ᠡᠭᠦᠨ ᠤ ᠵᠡᠷᠭᠡ ᠳᠤ ᠨᠠᠰᠣᠨᠳᠡᠯᠭᠡᠷ ᠢ ᠪᠠᠰᠠ ᠠᠷᠠᠳ ᠤᠨ ᠬᠤᠪᠢᠰᠬᠠᠯᠲᠣ ᠵᠠᠰᠠᠭ ᠤᠨ ᠪᠠᠶᠢᠭᠤᠯᠣᠮᠵᠢ — ︽ᠣᠯᠠᠨ ᠲᠦᠮᠡᠨ ᠤ ᠬᠤᠷᠠᠯ︾ ᠤᠨ ᠪᠢᠴᠢᠭᠡᠴᠢ ᠪᠠᠷ ᠲᠣᠮᠢᠯᠠᠵᠠᠢ᠃ ᠰᠢᠨᠡᠯᠡᠮ᠎ᠡ ᠬᠤᠪᠢᠰᠬᠠᠯ ᠬᠢᠵᠦ ᠪᠠᠶᠢᠭᠰᠠᠨ ᠦᠶ᠎ᠡ ᠳᠤ ᠨᠠᠰᠣᠨᠳᠡᠯᠭᠡᠷ ᠪᠢᠴᠢᠭ ᠤᠨ ᠠᠵᠢᠯ ᠢᠶᠠᠨ ᠰᠠᠶᠢᠲᠣᠷ ᠬᠢᠭᠰᠡᠨ ᠢᠶᠠᠷ ᠦᠯᠦ ᠪᠠᠷᠠᠨ ᠴᠡᠷᠢᠭ ᠤᠨ ᠡᠷᠳᠡᠮ ᠢ ᠴᠦ ᠮᠠᠰᠢ ᠰᠠᠶᠢᠨ ᠰᠣᠷᠴᠤ ᠡᠵᠡᠮᠰᠢᠭᠰᠡᠨ ᠪᠠᠶᠢᠨ᠎ᠠ᠂ ᠡᠨᠡ ᠨᠢ ᠲᠡᠭᠦᠨ ᠤ ᠬᠤᠪᠢᠰᠬᠠᠯ ᠤᠨ ᠦᠢᠯᠡᠰ ᠲᠤ ᠮᠠᠰᠢ ᠶᠡᠭᠡ ᠠᠴᠢ ᠲᠣᠰᠠ ᠦᠵᠡᠭᠦᠯᠦᠭᠰᠡᠨ ᠪᠠᠶᠢᠨ᠎ᠠ᠃      1927 ᠤᠨ ᠤ ᠦᠶ᠎ᠡ ᠳᠤ ᠰᠢᠨᠡᠯᠡᠮ᠎ᠡ ᠨᠠᠰᠣᠨᠳᠡᠯᠭᠡᠷ ᠤᠨ ᠣᠳᠣᠷᠢᠳᠣᠭᠰᠠᠨ ᠴᠡᠷᠢᠭ ᠬᠤᠪᠢᠰᠬᠠᠯ ᠤᠨ ᠡᠰᠡᠷᠭᠦᠦ ᠬᠦᠴᠦᠨ ᠦᠦᠰᠢᠨ ᠸᠠᠩ ᠤᠨ ᠴᠡᠷᠢᠭ  ᠤᠨ ᠡᠷᠬᠡᠲᠡᠨ ᠪᠠ ᠲᠡᠮᠡᠭᠡᠲᠦ ᠬᠤᠲᠠ ᠶᠢᠨ ᠳᠠᠷᠤᠭ᠎ᠠ ᠵᠢᠩ ᠶᠣᠸᠠᠢ ᠰᠢᠦ ᠶᠢᠨ ᠰᠦᠯᠪᠡᠭᠡᠲᠦ ᠴᠡᠷᠢᠭ ᠲᠠᠢ ᠲᠣᠯᠣᠯᠳᠣᠭᠠᠳ ᠶᠡᠬᠡᠳᠡ ᠢᠯᠠᠪᠠ᠃ ᠲᠡᠭᠦᠨ ᠠᠴᠠ ᠰᠡᠭᠦᠯᠡᠷ ᠬᠤᠪᠢᠰᠬᠠᠯ ᠤᠨ ᠡᠰᠡᠷᠭᠦᠦ ᠬᠦᠴᠦᠨ ᠣᠯᠠᠮ ᠤᠯᠠᠨ ᠰᠦᠯᠪᠡᠭᠡᠯᠡᠵᠦ᠂ ᠳᠣᠭᠤᠶᠢᠯᠠᠩ ᠤᠨ ᠭᠦᠳᠡᠯᠭᠡᠭᠡᠨ ᠳᠤ ᠢᠳᠡᠪᠬᠢᠲᠡᠢ ᠣᠷᠣᠯᠴᠠᠭᠰᠠᠨ ᠬᠦᠮᠦᠰ ᠢ ᠬᠤᠣᠷᠯᠠᠵᠣ ᠡᠬᠢᠯᠡᠭᠰᠡᠨ ᠠᠴᠠ ᠨᠠᠰᠣᠨᠳᠡᠯᠭᠡᠷ ᠲᠡᠮᠡᠴᠡᠯ ᠤᠨ ᠠᠷᠭ᠎ᠠ ᠪᠠᠨ ᠬᠤᠪᠢᠷᠠᠭᠤᠯᠵᠣ ᠳᠠᠬᠢᠨ ᠬᠦᠳᠡᠭᠡ ᠨᠤᠲᠤᠭ ᠲᠠᠭᠠᠨ ᠪᠤᠴᠠᠵᠠᠢ᠃ ᠨᠣᠲᠤᠭ ᠲᠠᠭᠠᠨ ᠪᠣᠴᠠᠭᠰᠠᠨ ᠤ ᠳᠠᠷᠠᠭ᠎ᠠ ᠲᠡᠷᠡ ᠪᠠᠰᠠ ᠬᠤᠪᠢᠰᠬᠠᠯ ᠢ ᠳᠠᠯᠳᠠᠭᠤᠷ ᠳᠡᠮᠵᠢᠵᠦ ᠪᠠᠶᠢᠭᠰᠠᠨ ᠪᠦᠭᠡᠳ᠂ ᠦᠷᠭᠡᠨ ᠣᠯᠠᠨ ᠮᠠᠯᠴᠢᠨ ᠲᠠᠷᠢᠶᠠᠴᠢᠨ ᠳᠤ ᠳᠣᠮᠳᠠᠳᠣ ᠣᠯᠣᠰ  ᠤᠨ ᠡᠪ ᠬᠠᠮᠲᠣ ᠨᠠᠮ ᠤᠨ ᠬᠤᠪᠢᠰᠬᠠᠯ ᠤᠨ ᠵᠣᠷᠢᠯᠲᠠ ᠶᠢ ᠶᠡᠭᠡ ᠪᠠᠷ ᠣᠬᠠᠭᠤᠯᠵᠣ ᠪᠠᠶᠢᠪᠠ᠃ ᠴᠠᠭ ᠮᠦᠴᠡ ᠪᠤᠯᠪᠠᠰᠣᠷᠠᠵᠣ᠂ ᠬᠤᠪᠢᠰᠬᠠᠯ ᠤᠨ ᠲᠣᠬᠠᠢ ᠲᠠᠨᠢᠯᠲᠠ ᠤᠶᠢᠯᠠᠭᠠᠯᠲᠠ ᠶᠢᠨ ᠭᠦᠨᠵᠡᠭᠡᠶᠢᠷᠡᠬᠦ ᠶᠢ ᠳᠠᠭᠠᠯᠳᠣᠨ ᠨᠠᠰᠣᠨᠳᠡᠯᠭᠡᠷ ᠳᠠᠬᠢᠨ ᠦᠦᠰᠢᠨ ᠬᠤᠰᠢᠭᠤᠨ ᠤ ᠠᠮᠣᠷ ᠢ ᠬᠠᠮᠠᠭᠠᠯᠠᠬᠤ ᠴᠡᠷᠢᠭ ᠲᠤ ᠪᠠᠨ ᠪᠣᠴᠠᠵᠣ᠂ ᠲᠣᠰᠢᠶᠠᠯ ᠬᠠᠷᠢᠭᠤᠴᠠᠭᠠᠳ ᠬᠤᠪᠢᠰᠬᠠᠯ ᠬᠢᠵᠦ ᠡᠬᠢᠯᠡᠵᠡᠢ᠃ ᠲᠡᠭᠦᠨ ᠠᠴᠠ ᠬᠤᠶᠢᠰᠢ 1943 ᠣᠨ ᠪᠣᠯᠳᠠᠯᠠᠬᠢ 20 ᠭᠠᠷᠣᠢ ᠵᠢᠯ ᠤᠨ ᠳᠣᠷᠰᠢᠳᠠ ᠨᠠᠰᠣᠨᠳᠡᠯᠭᠡᠷ ᠬᠤᠪᠢᠰᠬᠠᠯ  ᠤᠨ ᠪᠠᠶᠢᠯᠳᠣᠭᠠᠨ ᠳᠤ ᠣᠳᠠᠭ᠎ᠠ ᠳᠠᠷᠠᠭᠠᠯᠠᠨ ᠣᠷᠣᠯᠴᠠᠵᠣ᠂ ᠢᠯᠠᠯᠲᠠ ᠣᠯᠵᠣ ᠪᠠᠶᠢᠪᠠ᠃ 1943 ᠣᠨ ᠤ 7 ᠰᠠᠷ᠎ᠠ ᠶᠢᠨ 31 ᠤ ᠡᠳᠦᠷ ᠣᠯᠠᠨ ᠵᠢᠯ ᠤᠨ ᠶᠠᠳᠠᠷᠠᠯ ᠵᠦᠳᠡᠷᠡᠯ ᠪᠠ ᠬᠠᠭᠤᠴᠢ ᠡᠪᠡᠳᠴᠢᠨ ᠤ ᠬᠦᠨᠳᠦᠷᠡᠯ ᠠᠴᠠ ᠪᠤᠯᠵᠤ ᠨᠠᠰᠣᠨᠳᠡᠯᠭᠡᠷ ᠳᠦᠴᠢᠨ ᠳᠣᠯᠣᠭᠠᠲᠠᠢ ᠳᠤ ᠪᠠᠨ ᠠᠵᠢᠯ ᠤᠨ ᠭᠠᠵᠠᠷ ᠲᠤ ᠪᠠᠨ ᠨᠠᠰᠣ ᠨᠦᠭᠴᠢᠵᠡᠢ᠃                                    ︵ᠡᠬᠡ ᠪᠢᠴᠢᠭ ᠢ ᠣᠷᠳᠣᠰ ᠬᠤᠲᠠ ᠶᠢᠨ ᠳ᠋ᠦᠩᠱᠧᠩ ᠲᠣᠭᠤᠷᠢᠭ ᠤᠨ ᠦᠷᠡᠭᠳᠡᠭᠰᠡᠨ                                     ᠪᠠᠭᠠᠲᠣᠷᠴᠤᠳ ᠤᠨ ᠤᠩᠭᠤᠨ ᠤ  ᠬᠠᠮᠠᠭᠠᠯᠠᠯᠲᠠ ᠶᠢᠨ  ᠭᠠᠵᠠᠷ ᠠᠴᠠ  ᠬᠠᠩᠭᠠᠪᠠ︶
ᠢᠷᠡᠯᠲᠡ᠄ ᠳᠤᠰ ᠰᠦᠯᠵᠢᠶ᠎ᠡ