ᠰᠢᠨᠡᠯᠡᠮ᠎ᠡ  ︵1866--1929︶
ᠨᠡᠶᠢᠲᠡᠯᠡᠭᠰᠡᠨ ᠴᠠᠭ᠄
2023/2/22
 图片1.png
     ᠤᠤᠯ ᠨᠡᠷ᠎ᠡ ᠨᠢ ᠦᠯᠵᠡᠶᠢᠵᠢᠷᠭᠠᠯ᠂ 1866 ᠣᠨ ᠳᠤ ᠦᠪᠦᠷ ᠮᠤᠩᠭᠤᠯ ᠤᠨ ᠶᠡᠭᠡ ᠵᠤᠤ ᠶᠢᠨ ᠴᠢᠭᠤᠯᠭᠠᠨ ᠤ ᠦᠦᠰᠢᠨ ᠬᠤᠰᠢᠭᠤᠨ ︵ᠣᠳᠣ ᠶᠢᠨ ᠣᠷᠳᠣᠰ ᠬᠤᠲᠠ ᠶᠢᠨ ᠦᠦᠰᠢᠨ ᠬᠤᠰᠢᠭᠤ︶ ᠤ ᠵᠠᠯᠭ᠎ᠠ ᠶᠢᠨ ᠴᠠᠶᠢᠳᠠᠮ ᠤᠨ ᠮᠠᠯᠴᠢᠨ ᠸᠴᠢᠷ ᠤᠨ ᠭᠡᠷ ᠲᠤ ᠲᠦᠷᠦᠵᠡᠢ᠃       1905 ᠤᠨ ᠳᠤ ᠦᠦᠰᠢᠨ ᠬᠤᠰᠢᠭᠤᠨ ᠳᠤ ᠳᠣᠭᠤᠶᠢᠯᠠᠩ ᠤᠨ ᠬᠦᠳᠡᠯᠭᠡᠭᠡᠨ ᠦᠷᠨᠢᠭᠰᠡᠨ ᠳᠤ᠂ ᠰᠢᠨᠡᠯᠡᠮ᠎ᠡ ︵ᠲᠡᠷᠡ ᠦᠶ᠎ᠡ ᠳᠤ ᠦᠯᠵᠡᠶᠢᠵᠢᠷᠭᠠᠯ ᠨᠡᠷ᠎ᠡ  ᠪᠠᠷ ᠶᠠᠪᠤᠵᠤ ᠪᠠᠶᠢᠵᠠᠢ︶ ᠪᠢᠴᠢᠭᠡᠴᠢ ᠶᠢᠨ ᠲᠣᠰᠢᠶᠠᠯ ᠢᠶᠠᠨ ᠤᠷᠬᠢᠵᠤ᠂ ᠦᠢ ᠲᠦᠮᠡᠨ ᠠᠯᠪᠠᠲᠣ ᠶᠢ ᠳᠠᠶᠢᠴᠢᠯᠠᠨ᠂ ᠵᠣᠬᠢᠶᠠᠨ ᠪᠠᠶᠢᠭᠤᠯᠵᠣ ᠲᠡᠮᠡᠴᠡᠯ ᠳᠤ ᠣᠷᠢᠶᠠᠯᠠᠭᠰᠠᠨ ᠪᠠᠶᠢᠨ᠎ᠠ᠃ ᠲᠣᠬᠠᠢ ᠶᠢᠨ ᠦᠶ᠎ᠡ ᠶᠢᠨ ᠸᠠᠩ ᠨᠤᠶᠠᠨ ᠴᠠᠭᠳᠤᠷᠰᠡᠷᠡᠩ  ᠵᠡᠷᠭᠡ ᠬᠡᠷᠬᠡᠮ ᠦᠭᠬᠦ ᠪᠠ ᠠᠶᠤᠯᠭᠠᠨ ᠰᠦᠷᠳᠡᠭᠦᠯᠬᠦ ᠵᠡᠷᠭᠡ ᠡᠯᠳᠡᠪ ᠤᠨ ᠠᠷᠭ᠎ᠠ ᠪᠢᠰᠢᠷ ᠢᠶᠠᠷ ᠰᠢᠨᠡᠯᠠᠮ᠎ᠠ ᠶᠢᠨ ᠳᠤᠭᠤᠶᠢᠯᠠᠩ ᠤᠨ ᠭᠦᠳᠡᠯᠭᠡᠭᠡᠨ ᠢ ᠳᠠᠶᠢᠴᠢᠯᠠᠬᠤ ᠶᠢ ᠵᠣᠭᠰᠣᠭᠠᠬᠤ ᠭᠡᠰᠡᠨ ᠪᠤᠯᠪᠠᠴᠤ ᠲᠡᠷᠡ ᠦᠴᠦᠭᠡᠨ ᠴᠦ ᠭᠤᠶᠢᠪᠢᠯᠵᠠᠭᠰᠠᠨ ᠦᠭᠡᠢ᠂ ᠬᠠᠷᠢᠨ ᠱᠠᠰᠢᠨ ᠤ ᠨᠡᠷ᠎ᠡ ᠶᠢ ᠠᠰᠢᠭᠯᠠᠨ ᠪᠡᠶ᠎ᠡ ᠪᠠᠨ ᠬᠠᠮᠠᠭᠠᠯᠠᠵᠤ᠂ ᠳᠣᠭᠤᠶᠢᠯᠠᠩ ᠤᠨ ᠬᠦᠳᠡᠯᠭᠡᠭᠡᠨ ᠢᠶᠠᠨ ᠦᠷᠭᠦᠯᠵᠢᠯᠡᠨ ᠦᠷᠨᠢᠭᠦᠯᠬᠦ ᠶᠢᠨ ᠲᠦᠯᠦᠭᠡ ᠰᠦᠮ᠎ᠡ ᠳᠤ ᠣᠴᠢᠵᠣ ᠯᠠᠮ᠎ᠠ ᠪᠤᠯᠪᠠ᠂ ᠭᠡᠷ ᠡᠷᠦᠬᠡ ᠲᠠᠢ ᠦᠯᠵᠡᠶᠢᠵᠢᠷᠭᠠᠯ ᠯᠠᠮ᠎ᠠ ᠪᠤᠯᠬᠤ ᠳᠤ ᠸᠠᠩ ᠭᠦᠩ ᠨᠠᠷ ᠡᠯᠳᠡᠪ ᠮᠠᠭᠤᠬᠠᠢ ᠬᠤᠪ ᠦᠭᠡ ᠲᠠᠷᠬᠠᠭᠠᠭᠰᠠᠨ ᠳᠤ ᠦᠯᠵᠡᠶᠢᠵᠢᠷᠭᠠᠯ ᠬᠠᠷᠢᠨ ︽ᠰᠢᠨ᠎ᠡ ᠯᠠᠮ᠎ᠠ ᠰᠢᠳᠡ︾ ᠭᠡᠳ ᠣᠴᠢᠷ ᠪᠤᠯᠭᠠᠭᠰᠠᠨ ᠦᠭᠡᠢ᠂ ᠲᠡᠭᠦᠨ ᠠᠴᠠ ᠬᠤᠶᠢᠰᠢ ᠦᠯᠵᠡᠶᠢᠵᠢᠷᠭᠠᠯ ᠤᠯᠠᠨ ᠳᠤ ᠪᠠᠨ ︽ᠰᠢᠨᠡᠯᠡᠮ᠎ᠡ ︾ ᠭᠡᠵᠦ ᠬᠦᠨᠳᠦᠳᠭᠡᠭᠳᠡᠨ ᠳᠠᠭᠤᠳᠠᠭᠳᠠᠬᠤ ᠪᠣᠯᠵᠠᠢ᠃ ᠲᠡᠷᠡ ᠪᠠᠷ ᠠᠮᠢᠳᠣ ᠰᠡᠷᠡᠭᠦᠨ ᠴᠠᠭ ᠲᠤ ᠪᠠᠨ ᠳᠣᠭᠤᠶᠢᠯᠠᠩ ᠤᠨ ᠬᠦᠳᠡᠯᠭᠡᠭᠡᠨ ᠢ ᠣᠳᠣᠷᠢᠳᠣᠨ ᠳᠠᠶᠢᠴᠢᠯᠠᠵᠤ᠂ ᠬᠤᠪᠢᠰᠬᠠᠯ ᠳᠤ ᠣᠷᠣᠯᠴᠠᠨ ᠬᠤᠪᠢᠰᠬᠠᠯ ᠤᠨ ᠡᠰᠡᠷᠭᠦᠦ ᠬᠦᠴᠦᠨ ᠢ ᠡᠰᠡᠷᠭᠦᠴᠡᠵᠦ ᠪᠠᠶᠢᠭᠰᠠᠨ ᠪᠦᠭᠡᠳ ᠮᠣᠩᠭᠤᠯᠴᠣᠳ ᠲᠤ ᠰᠣᠨᠢᠨ ᠰᠡᠳᠭᠦᠯ᠂ ᠨᠣᠮ ᠪᠢᠴᠢᠭ ᠲᠦᠭᠡᠭᠡᠨ ᠦᠭᠴᠦ᠂ ᠦᠦᠰᠢᠨ ᠬᠤᠰᠢᠭᠤᠨ ᠳᠤ ᠦᠪᠦᠷ ᠮᠣᠩᠭᠤᠯ ᠤᠨ ᠬᠤᠪᠢᠰᠬᠠᠯᠲᠣ ᠨᠠᠮ ᠤᠨ ᠬᠤᠷᠢᠶ᠎ᠠ ᠶᠢ ᠪᠠᠶᠢᠭᠤᠯᠬᠤ᠂ ᠠᠷᠠᠳ ᠲᠦᠮᠡᠨ ᠤ ᠠᠮᠣᠷ ᠲᠦᠪᠰᠢᠨ ᠢ ᠬᠠᠮᠠᠭᠠᠯᠠᠬᠤ᠂ ᠠᠷᠠᠳ ᠤᠨ ᠬᠤᠪᠢᠰᠬᠠᠯᠲᠣ ᠴᠡᠷᠢᠭ ᠢ ᠪᠠᠶᠢᠭᠤᠯᠬᠤ ᠁ ᠵᠡᠷᠭᠡ ᠴᠢᠬᠤᠯᠠ ᠶᠡᠭᠡ ᠠᠴᠢ ᠬᠤᠯᠪᠣᠭᠳᠠᠯ ᠲᠠᠢ ᠣᠴᠢᠷ ᠶᠠᠪᠣᠳᠠᠯ  ᠢ ᠶᠡᠭᠡ ᠪᠠᠷ ᠣᠬᠠᠭᠤᠯᠣᠨ ᠦᠷᠨᠢᠭᠦᠯᠵᠦ ᠪᠠᠶᠢᠪᠠ᠃      1912 ᠤᠨ ᠪᠤᠯᠬᠤ ᠳᠤ ᠰᠢᠨᠡᠯᠡᠮ᠎ᠡ ᠨᠡᠶᠢᠲᠡ 11 ᠳᠣᠭᠤᠶᠢᠯᠠᠩ ᠢ ᠵᠣᠬᠢᠶᠠᠨ ᠪᠠᠶᠢᠭᠤᠯᠣᠨ ᠣᠳᠣᠷᠢᠳᠴᠤ᠂ ᠲᠣᠬᠠᠢ ᠶᠢᠨ ᠦᠶ᠎ᠡ ᠶᠢᠨ ᠸᠠᠩ ᠭᠦᠩ ᠤᠨ ᠰᠠᠲᠣᠷ ᠰᠠᠮᠠᠭᠤᠨ ᠬᠠᠷᠭᠢᠰ ᠵᠠᠯᠢᠬᠠᠢ ᠦᠢᠯᠡ ᠠᠵᠢᠯᠯᠠᠭ᠎ᠠ ᠳᠤ ᠴᠣᠬᠢᠯᠲᠠ ᠦᠭᠴᠦ ᠪᠠᠶᠢᠪᠠ᠃      1925 ᠣᠨ ᠳᠤ ᠴᠢᠭᠤᠯᠭᠠᠲᠣ ᠬᠠᠭᠠᠯᠭ᠎ᠠ ᠳᠤ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠨᠠᠮ ᠢ ᠪᠠᠶᠢᠭᠤᠯᠬᠤ ᠬᠤᠷᠠᠯ ᠬᠤᠷᠠᠯᠳᠣᠵᠣ᠂ ᠰᠢᠨᠡᠯᠡᠮ᠎ᠡ ᠬᠤᠷᠠᠯ ᠳᠤ ᠣᠷᠣᠯᠴᠠᠭᠰᠠᠨ ᠪᠦᠭᠡᠳ ᠲᠦᠪ ᠬᠤᠷᠢᠶᠠᠨ ᠤ ᠬᠡᠰᠢᠭᠦᠨ ᠢᠶᠠᠷ ᠰᠣᠩᠭᠤᠭᠳᠠᠪᠠ᠃      1926 ᠤᠨ ᠤ ᠨᠠᠮᠤᠷ ᠤᠨ ᠡᠬᠢ ᠪᠠᠷ ᠰᠢᠨᠡᠯᠡᠮ᠎ᠡ᠂ ᠸᠠᠩᠳᠠᠨᠨᠢᠮ᠎ᠠ ᠨᠠᠷ ᠪᠤᠭᠤᠳᠤ ᠳᠤ ᠦᠪᠦᠷ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ ᠠᠷᠪᠠᠨ ᠬᠤᠶᠠᠳᠣᠭᠠᠷ ᠬᠤᠷᠢᠶ᠎ᠠ ᠶᠢ ᠵᠣᠬᠢᠶᠠᠨ ᠪᠠᠶᠢᠭᠤᠯᠵᠣ᠂ ᠰᠢᠨᠡᠯᠡᠮ᠎ᠡ ᠶᠢ ᠬᠤᠷᠢᠶᠠᠨ ᠳᠠᠷᠤᠭ᠎ᠠ ᠪᠠᠷ ᠲᠣᠮᠢᠯᠠᠪᠠ᠃      1929 ᠤᠨ ᠳᠤ ᠬᠤᠪᠢᠰᠬᠠᠯ ᠤᠨ ᠣᠷᠪᠠᠭᠴᠢ ᠪᠦᠷᠢᠨᠵᠢᠷᠭᠠᠯ ᠵᠡᠷᠭᠡ ᠬᠦᠮᠦᠰ ᠲᠤ ᠬᠤᠤᠷᠯᠠᠭᠳᠠᠨ ᠨᠠᠰᠣ ᠪᠠᠷᠠᠪᠠ᠂ ᠲᠣᠰ ᠵᠢᠯ ᠨᠢ ᠬᠤᠪᠢᠰᠬᠠᠯ ᠤᠨ ᠪᠠᠭᠠᠲᠣᠷ ᠰᠢᠨᠡᠯᠡᠮ᠎ᠡ ᠵᠢᠷᠠᠨ ᠭᠤᠷᠪᠠᠲᠠᠢ᠃      ᠰᠢᠨᠡᠯᠡᠮ᠎ᠡ ᠪᠤᠯ ᠮᠤᠩᠭᠤᠯ ᠦᠨᠳᠦᠰᠦᠲᠡᠨ ᠤ ᠣᠷᠴᠢᠨ ᠦᠶ᠎ᠡ ᠶᠢᠨ ᠲᠡᠦᠬᠡᠨ ᠳᠤ ᠴᠤᠯᠭᠤᠷᠠᠨ ᠭᠠᠷᠣᠭᠰᠠᠨ ᠨᠡᠷ᠎ᠡ ᠠᠯᠳᠠᠷᠲᠠᠢ ᠬᠤᠪᠢᠰᠬᠠᠯᠴᠢ ᠶᠣᠮ᠃ ᠲᠡᠭᠦᠨ ᠤ ᠣᠳᠣᠷᠢᠳᠣᠭᠰᠠᠨ ᠳᠣᠭᠤᠶᠢᠯᠠᠩ ᠤᠨ ᠬᠦᠳᠡᠯᠭᠡᠭᠡᠨ ᠬᠢᠭᠡᠳ ᠦᠪᠦᠷ ᠮᠣᠩᠭᠤᠯ ᠤᠨ ᠠᠷᠠᠳ ᠤᠨ ᠬᠤᠪᠢᠰᠬᠠᠯᠲᠣ ᠴᠡᠷᠢᠭ ᠤᠨ ᠠᠷᠪᠠᠨ ᠬᠤᠶᠠᠳᠣᠭᠠᠷ ᠬᠤᠷᠢᠶ᠎ᠠ ᠶᠢᠨ ᠲᠡᠮᠡᠴᠡᠯ ᠨᠢ ᠳᠣᠮᠳᠠᠳᠣ ᠣᠯᠣᠰ ᠤᠨ ᠡᠪ ᠬᠠᠮᠲᠣ ᠨᠠᠮ ᠤᠨ ᠣᠳᠣᠷᠢᠳᠣᠭᠰᠠᠨ ᠨᠢᠭᠡᠳᠦᠭᠡᠷ ᠣᠳᠠᠭᠠᠨ ᠤ ᠣᠯᠣᠰ ᠤᠨ ᠳᠣᠳᠣᠭᠠᠳᠣ ᠶᠢᠨ ᠬᠤᠪᠢᠰᠬᠠᠯᠲᠣ ᠳᠠᠶᠢᠨ ᠤ ᠨᠢᠭᠡᠨ ᠪᠦᠷᠢᠯᠳᠦᠬᠦᠨ ᠬᠡᠰᠡᠭ ᠪᠤᠯᠬᠤ ᠶᠣᠮ᠃ ᠮᠦᠨ ᠴᠦ ᠦᠨᠳᠦᠰᠦᠲᠡᠨ ᠤ ᠴᠢᠯᠦᠭᠡᠯᠡᠯᠲᠡ ᠶᠢᠨ ᠲᠡᠮᠡᠴᠡᠯ ᠤᠨ ᠲᠡᠦᠬᠡᠨ ᠳᠤ ᠬᠡᠷᠡᠯ ᠰᠠᠴᠣᠷᠠᠩᠭᠤᠢ ᠨᠢᠭᠡᠨ ᠬᠠᠭᠤᠳᠠᠰᠣ ᠶᠢ ᠨᠡᠮᠡᠷᠢᠯᠡᠵᠦ᠂ ᠣᠷᠳᠣᠰ ᠤᠨ ᠲᠡᠦᠬᠡ ᠱᠠᠰᠳᠢᠷ ᠲᠤ ᠮᠦᠩᠭᠡ ᠰᠡᠶᠢᠯᠦᠭᠳᠡᠵᠡᠢ᠃                                   ︵ᠡᠬᠡ ᠪᠢᠴᠢᠭ ᠢ ᠣᠷᠳᠣᠰ ᠬᠤᠲᠠ ᠶᠢᠨ ᠳ᠋ᠦᠩᠱᠧᠩ ᠲᠣᠭᠤᠷᠢᠭ ᠤᠨ ᠦᠷᠡᠭᠳᠡᠭᠰᠡᠨ                                     ᠪᠠᠭᠠᠲᠣᠷᠴᠤᠳ ᠤᠨ ᠤᠩᠭᠤᠨ ᠤ  ᠬᠠᠮᠠᠭᠠᠯᠠᠯᠲᠠ ᠶᠢᠨ  ᠭᠠᠵᠠᠷ ᠠᠴᠠ  ᠬᠠᠩᠭᠠᠪᠠ︶
ᠢᠷᠡᠯᠲᠡ᠄ ᠳᠤᠰ ᠰᠦᠯᠵᠢᠶ᠎ᠡ