ᠤᠮᠳᠤᠭᠠᠶᠢᠯᠠᠵᠤ ᠪᠤᠯᠤᠰᠢ ᠦᠬᠡᠢ ᠦᠷᠯᠦᠬᠡ ᠶᠢᠨ ᠬᠤᠭᠤᠯᠠ
ᠨᠡᠶᠢᠲᠡᠯᠡᠭᠰᠡᠨ ᠴᠠᠭ᠄
2023/2/22
     ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠦᠷᠯᠦᠬᠡ ᠶᠢᠨ ᠬᠤᠭᠤᠯᠠ ᠶᠢᠨ ᠳᠤᠬᠠᠢ ᠴᠠᠭᠠᠨ ᠭᠠᠳᠠᠷᠳᠤ ᠪᠢᠴᠢᠭ︾ ᠲᠤ ᠨᠡᠶᠢᠳᠡᠯᠡᠭᠰᠡᠨ ᠢᠶᠠᠷ᠂ ᠮᠠᠨ ᠤ ᠤᠯᠤᠰ ᠤᠨ ᠰᠠᠭᠤᠭᠠᠯᠢ ᠠᠷᠠᠳ ᠤᠨ 53.9 % ᠨᠢ ᠦᠷᠯᠦᠬᠡ ᠶᠢᠨ ᠬᠤᠭᠤᠯᠠ ᠢᠳᠡᠬᠦ ᠴᠠᠭ ᠦᠬᠡᠢ᠂ ᠴᠢᠨᠠᠭᠰᠢᠯᠠᠪᠠᠯ 2% ᠨᠢ ᠦᠷᠯᠦᠬᠡ ᠶᠢᠨ ᠬᠤᠭᠤᠯᠠ ᠢᠳᠡᠬᠦ ᠦᠬᠡᠢ ᠪᠠᠶᠢᠳᠠᠭ᠃ ᠭᠠᠷᠠᠭ ᠤᠨ ᠰᠡᠬᠦᠯᠴᠢ ᠳᠤ ᠵᠦᠪᠬᠡᠨ 70.3% ᠶᠢᠨ ᠬᠦᠮᠦᠨ ᠦᠷᠯᠦᠬᠡ ᠶᠢᠨ ᠬᠤᠭᠤᠯᠠ ᠢᠳᠡᠵᠤ᠂ ᠶᠡᠷᠦ ᠠᠴᠠ ᠦᠷᠯᠦᠬᠡ ᠶᠢᠨ ᠬᠤᠭᠤᠯᠠ ᠢᠳᠡᠳᠡᠭ ᠦᠬᠡᠢ ᠬᠦᠮᠦᠨ11.3% ᠳᠤ ᠬᠦᠷᠴᠠᠢ᠃       ᠦᠷᠯᠦᠬᠡ ᠶᠢᠨ ᠬᠤᠭᠤᠯᠠ ᠢᠳᠡᠬᠦ ᠦᠬᠡᠢ ᠠᠴᠠ ᠪᠤᠯᠵᠤ ᠬᠦᠮᠦᠨ ᠤ ᠪᠡᠶ᠎ᠡ ᠳᠤ ᠦᠵᠡᠬᠦᠯᠬᠦ ᠨᠦᠯᠦᠬᠡ       ᠠᠮᠠᠷᠬᠠᠨ ᠮᠠᠷᠢᠶᠠᠯᠠᠨ᠎ᠠ       ᠰᠤᠳᠤᠯᠭᠠᠨ ᠢᠶᠠᠷ ᠦᠷᠬᠦᠯᠵᠢ ᠦᠷᠯᠦᠬᠡ ᠶᠢᠨ ᠬᠤᠭᠤᠯᠠ ᠢᠳᠡᠳᠡᠭ ᠦᠬᠡᠢ ᠬᠦᠮᠦᠰ ᠤᠨ ᠮᠠᠷᠢᠶᠠᠯᠠᠬᠤ ᠪᠤᠯᠤᠮᠵᠢ 48% ᠪᠠᠷ ᠨᠡᠮᠡᠭᠳᠡᠬᠦ ᠶᠢ ᠢᠯᠡᠷᠡᠬᠦᠯᠵᠡᠢ᠃       ᠵᠢᠷᠦᠬᠡ ᠳᠡᠷᠢᠬᠢᠨ ᠤ ᠴᠢᠰᠤᠨ ᠰᠤᠳᠠᠯ ᠤᠨ ᠡᠷᠡᠬᠦᠯ ᠮᠡᠨᠳᠤ ᠶᠢ ᠨᠦᠯᠦᠬᠡᠯᠡᠨ᠎ᠡ       ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠦᠷᠬᠦᠯᠵᠢ ᠦᠷᠯᠦᠬᠡ ᠶᠢᠨ ᠬᠤᠭᠤᠯᠠ ᠢᠳᠡᠳᠡᠭ ᠬᠦᠮᠦᠨ ᠲᠠᠢ ᠬᠠᠷᠢᠴᠠᠭᠤᠯᠪᠠᠯ᠂ ᠦᠷᠯᠦᠬᠡᠨ ᠤ ᠬᠤᠭᠤᠯᠠ ᠢᠳᠡᠭᠰᠡᠨ ᠦᠬᠡᠢ ᠬᠦᠮᠦᠰ ᠤᠨ ᠳᠠᠷᠢᠬᠢᠨ ᠤ ᠰᠠ ᠡᠪᠡᠳᠴᠢᠨ ᠳᠤ ᠨᠡᠷᠪᠡᠭᠳᠡᠬᠦ ᠲᠦᠭᠰᠢᠬᠦᠷᠢ ᠨᠢ 18% ᠪᠠᠷ ᠨᠡᠮᠡᠭᠳᠡᠨ᠎ᠡ᠃       ᠰᠢᠬᠢᠷ ᠰᠢᠵᠢᠩ ᠡᠪᠡᠳᠴᠢᠨ ᠤᠯᠬᠤ ᠲᠦᠭᠰᠢᠬᠦᠷᠢ ᠶᠢ ᠨᠡᠮᠡᠭᠳᠡᠬᠦᠯᠦᠨ᠎ᠡ        ᠦᠷᠬᠦᠯᠵᠢ ᠦᠷᠯᠦᠬᠡ ᠶᠢᠨ ᠬᠤᠭᠤᠯᠠ ᠢᠳᠡᠬᠦ ᠦᠬᠡᠢ ᠠᠴᠠ ᠪᠤᠯᠵᠤ ᠦᠳᠡ ᠪᠠ ᠤᠷᠤᠢ ᠶᠢᠨ ᠬᠤᠭᠤᠯᠠ  ᠶᠢᠨ ᠳᠤᠷᠠᠰᠢᠯ ᠨᠢ ᠶᠡᠭᠡ ᠪᠠᠷ ᠨᠡᠮᠡᠭᠳᠡᠵᠤ᠂ ᠴᠢᠨᠠᠭᠰᠢᠯᠠᠨ ᠬᠡᠳᠤᠷᠡᠳᠡᠯ᠎ᠡ ᠢᠳᠡᠵᠤ ᠤᠤᠭᠤᠭᠰᠠᠨ ᠠᠴᠠ ᠢᠰᠦᠯᠢᠨ ᠤ ᠰᠡᠷᠬᠡᠭ ᠴᠢᠨᠠᠷ ᠢ ᠬᠡᠮᠳᠦᠬᠡᠬᠦ ᠪᠤᠶᠤ ᠴᠢᠰᠤᠨ ᠰᠢᠬᠢᠷ ᠤᠨ ᠬᠡᠮᠵᠢᠶᠡᠨ ᠤ ᠳᠤᠬᠢᠷᠠᠭᠤᠯᠤᠯᠳᠠ ᠶᠢ ᠨᠦᠯᠦᠬᠡᠯᠡᠨ᠎ᠡ᠃       ᠡᠯᠢᠬᠡ ᠦᠬᠡᠬᠦᠯᠡᠬᠦ ᠲᠦᠭᠰᠢᠬᠦᠷᠢ ᠶᠢ ᠨᠡᠮᠡᠭᠳᠡᠬᠦᠯᠦᠨ᠎ᠡ       ᠦᠷᠯᠦᠬᠡ ᠶᠢᠨ ᠬᠤᠭᠤᠯᠠ ᠢᠳᠡᠬᠦ ᠦᠬᠡᠢ ᠬᠦᠮᠦᠨ ᠦᠷᠬᠦᠯᠵᠢ ᠦᠳᠡ ᠪᠠ ᠤᠷᠤᠢ ᠶᠢᠨ ᠬᠤᠭᠤᠯᠠ ᠪᠠᠨ ᠬᠡᠳᠤᠷᠡᠳᠡᠯ᠎ᠡ ᠢᠳᠡᠳᠡᠭ ᠢᠶᠠᠷ ᠡᠨᠧᠷᠬᠢ ᠨᠢ ᠨᠡᠯᠢᠶᠡᠳ ᠠᠷᠪᠢᠨ ᠪᠤᠯᠵᠤ᠂ ᠢᠯᠡᠬᠦᠴᠡ ᠡᠨᠧᠷᠬᠢ ᠨᠢ ᠦᠬᠡᠬᠦ ᠶᠢᠨ ᠬᠡᠯᠪᠡᠷᠢ ᠪᠠᠷ ᠪᠡᠶ᠎ᠡ ᠳᠤ ᠬᠠᠳᠠᠭᠠᠯᠠᠭᠳᠠᠵᠤ᠂ ᠡᠯᠢᠬᠡ ᠦᠬᠡᠬᠦᠯᠡᠬᠦ ᠲᠦᠭᠰᠢᠬᠦᠷᠢ ᠶᠢ ᠨᠡᠮᠡᠭᠳᠡᠬᠦᠯᠦᠨ᠎ᠡ᠃       ᠳᠠᠨᠢᠨ ᠮᠡᠳᠡᠬᠦᠢ ᠪᠤᠯᠤᠨ ᠤᠷᠮ᠎ᠠ ᠰᠡᠳᠬᠢᠯᠬᠡ ᠶᠢ ᠨᠦᠯᠦᠬᠡᠯᠡᠨ᠎ᠡ       ᠤᠷᠳᠤ ᠬᠤᠭᠤᠴᠠᠭ᠎ᠠ ᠦᠷᠯᠦᠬᠡ ᠶᠢᠨ ᠬᠤᠭᠤᠯᠠ ᠢᠳᠡᠬᠦ ᠦᠬᠡᠢ ᠪᠤᠯ ᠴᠢᠰᠤᠨ ᠳᠤᠳᠤᠷᠠᠬᠢ ᠴᠢᠰᠤᠨ ᠰᠢᠬᠢᠷ ᠤᠨ ᠬᠡᠮᠵᠢᠶ᠎ᠡ ᠬᠡᠪ ᠤᠨ ᠪᠤᠰᠤ ᠦᠨᠳᠤᠷ ᠪᠤᠯᠬᠤ ᠪᠤᠶᠤ ᠪᠠᠭᠤᠷᠠᠵᠤ᠂ ᠴᠡᠬᠡᠵᠢᠯᠡᠬᠦ ᠴᠢᠳᠠᠪᠤᠷᠢ ᠪᠠ ᠰᠤᠷᠤᠯᠴᠠᠬᠤ ᠴᠢᠳᠠᠪᠤᠷᠢ ᠶᠢ ᠨᠦᠯᠦᠬᠡᠯᠡᠨ᠎ᠡ᠃       ᠠᠮᠠᠷᠬᠠᠨ ᠰᠦᠰᠦᠨ ᠤ ᠴᠢᠯᠠᠭᠤᠵᠢᠯ ᠪᠤᠯᠤᠨ᠎ᠠ       ᠤᠷᠳᠤ ᠬᠤᠭᠤᠴᠠᠭ᠎ᠠ ᠪᠠᠷ ᠦᠷᠯᠦᠬᠡ ᠶᠢᠨ ᠬᠤᠭᠤᠯᠠ ᠢᠳᠡᠬᠦ ᠦᠬᠡᠢ ᠪᠤᠯ ᠰᠦᠰᠦᠨ ᠤ ᠰᠢᠩᠬᠡᠨ ᠤ ᠦᠳᠬᠡᠴᠡ ᠨᠡᠮᠡᠭᠳᠡᠵᠤ᠂ ᠰᠦᠰᠦᠨ ᠤ ᠤᠭᠤᠳᠠᠨ ᠳᠤ ᠪᠠᠺᠲ᠋ᠧᠷᠢ ᠦᠷᠡᠵᠢᠨ᠂ ᠰᠦᠰᠦᠨ ᠤ ᠴᠢᠯᠠᠭᠤᠵᠢᠯ ᠢ ᠪᠤᠢ ᠪᠤᠯᠭᠠᠨ᠎ᠠ᠃       ᠦᠷᠯᠦᠬᠡ ᠶᠢᠨ ᠬᠤᠭᠤᠯᠠ ᠨᠢ ᠬᠦᠮᠦᠰ ᠤᠨ ᠨᠢᠬᠡ ᠡᠳᠤᠷ ᠤᠨ ᠴᠢᠬᠤᠯᠠ ᠡᠨᠧᠷᠬᠢ ᠶᠢ ᠬᠠᠩᠭᠠᠵᠤ ᠪᠠᠶᠢᠳᠠᠭ᠃ ᠰᠢᠨᠵᠢᠯᠡᠬᠦ ᠤᠬᠠᠭᠠᠨᠴᠢ ᠵᠢᠮ᠎ᠡ ᠶᠤᠰᠤ ᠲᠠᠢ ᠪᠠᠷ ᠦᠷᠯᠦᠬᠡ ᠶᠢᠨ ᠬᠤᠭᠤᠯᠠ ᠪᠠᠨ ᠰᠠᠶᠢᠨ ᠢᠳᠡᠪᠡᠯ᠂ ᠪᠡᠶ᠎ᠡ ᠶᠢᠨ ᠰᠢᠮ᠎ᠡ ᠳᠡᠵᠢᠬᠡᠯ ᠤᠨ ᠬᠡᠷᠡᠭᠴᠡᠭᠡ ᠶᠢ ᠬᠠᠩᠭᠠᠬᠤ ᠪᠠᠷ ᠪᠠᠷᠠᠬᠤ ᠦᠬᠡᠢ᠂ ᠪᠡᠶ᠎ᠡ ᠶᠢᠨ ᠬᠦᠨᠳᠤ ᠪᠠᠨ ᠨᠡᠩ ᠰᠠᠶᠢᠨ ᠵᠤᠬᠢᠴᠠᠭᠤᠯᠵᠤ᠂ ᠤᠳᠠᠭᠠᠨ ᠴᠢᠨᠠᠷᠳᠠᠢ ᠡᠪᠡᠳᠴᠢᠨ ᠤᠯᠬᠤ ᠶᠢ ᠰᠡᠷᠬᠡᠶᠢᠯᠡᠵᠤ ᠴᠢᠳᠠᠨ᠎ᠠ᠃
ᠢᠷᠡᠯᠲᠡ᠄ NMTV ᠰᠤᠶᠤᠯ ᠸᠢᠴᠠᠲ ᠳᠠᠪᠴᠠᠩ