ᠭᠤᠸᠠᠩᠳᠦ᠋ᠩ ᠥᠪᠥᠷ ᠮᠣᠩᠭᠤᠯ ᠤᠨ ︽ᠵᠠᠭᠤᠨ ᠲᠦᠮᠡᠨ ᠬᠥᠮᠥᠨ ᠬᠠᠷᠢᠯᠴᠠᠨ ᠵᠤᠭᠠᠴᠠᠬᠤ︾ ᠠᠩᠬᠠᠨ ᠤ ᠡᠬᠡᠯᠵᠢ ᠶᠢᠨ ᠪᠦᠯᠬᠦᠮ ᠤᠨ 150 ᠭᠠᠷᠤᠢ ᠵᠤᠭᠠᠴᠠᠭᠰᠠᠳ ᠳ᠋ᠦᠩᠱᠧᠩ ᠲᠣᠭᠤᠷᠢᠭ ᠲᠤ ᠢᠷᠡᠵᠡᠢ
ᠨᠡᠶᠢᠲᠡᠯᠡᠭᠰᠡᠨ ᠴᠠᠭ᠄
2023/2/21
10.1.jpg
    2 ᠰᠠᠷ᠎ᠠ ᠶᠢᠨ 20  ᠤ ᠡᠳᠦᠷ᠂ ᠭᠤᠸᠠᠩᠳᠦ᠋ᠩ ᠥᠪᠥᠷ ᠮᠣᠩᠭᠤᠯ ᠤᠨ ︽ᠵᠠᠭᠤᠨ ᠲᠦᠮᠡᠨ ᠬᠥᠮᠥᠨ ᠬᠠᠷᠢᠯᠴᠠᠨ ᠵᠤᠭᠠᠴᠠᠬᠤ︾ ᠠᠩᠬᠠᠨ ᠤ ᠡᠬᠡᠯᠵᠢ ᠶᠢᠨ ᠪᠦᠯᠬᠦᠮ ᠤᠨ 150 ᠭᠠᠷᠤᠢ ᠵᠤᠭᠠᠴᠠᠭᠰᠠᠳ ᠳ᠋ᠦᠩᠱᠧᠩ ᠲᠣᠭᠤᠷᠢᠭ ᠤᠨ ᠸᠠᠨ ᠵᠢᠶᠠ ᠬᠤᠢ ᠶᠢᠨ ᠪᠠᠶᠠᠰᠤᠯᠳᠤ ᠬᠤᠷᠸ᠎ᠠ ᠳᠤ ᠢᠷᠡᠵᠤ ᠣᠨᠳᠣᠣ ᠨᠢᠭᠡ ᠵᠦᠢᠯ ᠤᠨ ᠪᠠᠶᠠᠷ ᠪᠠᠭ᠋ᠠᠳᠤᠯ ᠢ ᠪᠡᠶᠡᠴᠢᠯᠡᠨ ᠣᠶᠢᠯᠠᠭᠠᠪᠠ᠃ 2023 ᠤᠨ ᠤ ᠭᠤᠸᠠᠩᠳᠦ᠋ᠩ ᠥᠪᠥᠷ ᠮᠣᠩᠭᠤᠯ ᠤᠨ ︽ᠵᠠᠭᠤᠨ ᠲᠦᠮᠡᠨ ᠬᠥᠮᠥᠨ ᠬᠠᠷᠢᠯᠴᠠᠨ ᠵᠤᠭᠠᠴᠠᠬᠤ︾ ᠰᠣᠶᠣᠯ ᠵᠤᠭᠠᠴᠠᠯ ᠤᠨ ᠠᠷᠠᠯᠵᠢᠶᠠᠴᠢᠨ ᠤᠷᠢᠬᠤ ᠲᠠᠨᠢᠯᠴᠠᠭᠤᠯᠭ᠎ᠠ ᠶᠢᠨ ᠬᠤᠷᠠᠯ ᠣᠶᠢᠷ᠎ᠠ ᠶᠢᠨ ᠡᠳᠦᠷ ᠭᠤᠸᠠᠩᠵᠧᠦ ᠳᠤ ᠶᠠᠪᠤᠭᠳᠠᠵᠤ᠂ ᠬᠤᠶᠠᠷ ᠮᠤᠵᠢ ᠣᠷᠣᠨ ᠤ ᠰᠣᠶᠣᠯ ᠵᠤᠭᠠᠴᠠᠯ ᠤᠨ ᠰᠠᠯᠠᠭ᠎ᠠ ᠮᠥᠴᠢᠷ ᠤᠨ ︽ᠵᠠᠭᠤᠨ ᠲᠦᠮᠡᠨ ᠬᠥᠮᠥᠨ ᠬᠠᠷᠢᠯᠴᠠᠨ ᠵᠤᠭᠠᠴᠠᠬᠤ︾ᠠᠵᠢᠯᠯᠠᠭ᠎ᠠ ᠶᠢ ᠡᠬᠢᠯᠡᠭᠦᠯᠵᠦ᠂ ᠬᠤᠶᠠᠷ ᠭᠠᠵᠠᠷ ᠤᠨ 16 ᠵᠤᠭᠠᠴᠠᠯ ᠤᠨ ᠭᠠᠵᠠᠷ ᠵᠤᠭᠠᠴᠠᠭᠰᠠᠳ ᠢ ᠬᠠᠷᠢᠯᠴᠠᠨ ᠬᠦᠷᠭᠡᠬᠦ ᠵᠥᠪᠯᠡᠯᠴᠡᠭᠡᠷ ᠲᠣᠭᠲᠠᠵᠤ᠂ ᠵᠢᠯ ᠳᠤ ᠵᠤᠭᠠᠴᠠᠭᠰᠠᠳ ᠢ 100 ᠲᠦᠮᠡᠨ ᠬᠥᠮᠥᠨ ᠤᠳᠠᠭ᠎ᠠ ᠠᠴᠠ ᠳᠡᠭᠡᠭᠰᠢ ᠬᠦᠷᠭᠡᠬᠦ ᠪᠠᠷ ᠲᠥᠯᠥᠪᠯᠡᠵᠦ ᠪᠤᠢ᠃ ᠲᠤᠰ ᠤᠳᠠᠭ᠎ᠠ ᠶᠢᠨ ᠵᠤᠭᠠᠴᠠᠯ ᠤᠨ ᠠᠩᠬᠠᠨ ᠤ ᠡᠬᠡᠯᠵᠢ ᠶᠢᠨ ᠪᠦᠯᠬᠦᠮ ᠨᠢ 4 ᠡᠳᠦᠷ 3 ᠣᠷᠣᠢ ᠠᠶᠠᠯᠠᠵᠤ᠂ ᠵᠤᠭᠠᠴᠠᠭᠰᠠᠳ ᠣᠷᠳᠣᠰ ᠬᠤᠳᠠ ᠳᠤ 1 ᠡᠳᠦᠷ 2 ᠣᠷᠣᠢ ᠵᠤᠭᠠᠴᠠᠵᠤ᠂ ᠳ᠋ᠦᠩᠱᠧᠩ ᠲᠣᠭᠤᠷᠢᠭ ᠤᠨ ᠸᠠᠨ ᠵᠢᠶᠠ ᠬᠤᠢ ᠪᠠᠶᠠᠰᠤᠯᠳᠤ ᠬᠤᠷᠸ᠎ᠠ ᠶᠢᠨ ᠪᠧᠢ ᠭᠥᠸᠧ ᡁᠢ ᠵᠢᠶᠣᠣ ᠪᠠᠭᠤᠳᠠᠯ ᠳᠤ ᠨᠢᠭᠡ ᠣᠷᠣᠢ ᠬᠤᠨᠤᠭᠯᠠᠪᠠ᠃
 
ᠢᠷᠡᠯᠲᠡ᠄ ᠳᠤᠰ ᠰᠦᠯᠵᠢᠶ᠎ᠡ