ᠰᠢᠷᠬᠠᠳᠤᠪᠠᠯ ᠡᠳᠡᠬᠡᠷ ᠠᠷᠭ᠎ᠠ ᠶᠢ ᠬᠡᠷᠡᠭᠯᠡᠵᠤ ᠪᠤᠯᠤᠨ᠎ᠠ
ᠨᠡᠶᠢᠲᠡᠯᠡᠭᠰᠡᠨ ᠴᠠᠭ᠄
2023/2/16
ᠶᠠᠰᠤ ᠬᠤᠭᠤᠷᠠᠪᠠᠯ ᠲᠦᠷᠬᠡᠨ ᠡᠮᠴᠢᠯᠡᠬᠦ ᠠᠷᠭ᠎ᠠ᠄      1. ᠰᠢᠷᠬᠠᠳᠤᠭᠰᠠᠳ ᠢ ᠭᠠᠵᠠᠷ ᠪᠤᠶᠤ ᠬᠠᠳᠠᠭᠤ ᠤᠷᠤ ᠳᠡᠬᠡᠷ᠎ᠡ ᠳᠡᠭᠰᠢᠬᠡᠨ ᠬᠡᠪᠳᠡᠬᠦᠯᠵᠤ᠂ ᠬᠡᠪᠢᠰ ᠪᠤᠶᠤ ᠬᠤᠪᠴᠠᠰᠤ ᠪᠠᠷ ᠶᠠᠰᠤ ᠬᠤᠭᠤᠷᠠᠭᠰᠠᠨ ᠬᠡᠰᠡᠭ ᠢ ᠨᠢ ᠪᠤᠭᠤᠵᠤ᠂ ᠰᠢᠷᠬ᠎ᠠ ᠶᠡᠬᠡᠰᠬᠦ ᠠᠴᠠ ᠪᠤᠯᠭᠤᠮᠵᠢᠯᠠᠨ᠎ᠠ᠃      2. ᠬᠦᠨᠳᠤ ᠪᠡᠷᠳᠡᠭᠰᠡᠨ ᠬᠡᠰᠡᠭ ᠢ ᠨᠢ ᠵᠤᠬᠢᠰᠳᠠᠢ ᠪᠤᠭᠤᠵᠤ᠂ ᠰᠢᠷᠬ᠎ᠠ ᠶᠢ ᠨᠢ ᠠᠩᠬᠠᠷᠬᠤ ᠬᠡᠷᠡᠭᠳᠡᠢ ᠮᠦᠷᠳᠡᠬᠡᠨ ᠰᠢᠷᠬᠠᠨ ᠤ ᠬᠡᠰᠡᠭ ᠢ ᠨᠢ ᠤᠬᠢᠶᠠᠵᠤ ᠪᠤᠯᠬᠤ ᠦᠬᠡᠢ᠂ ᠪᠠᠰᠠ ᠬᠤᠭᠤᠷᠠᠭᠰᠠᠨ ᠶᠠᠰᠤ ᠶᠢ ᠦᠪᠡᠷᠳᠡᠬᠡᠨ ᠤᠤᠯ ᠤᠷᠤᠨ ᠳᠤ ᠨᠢ ᠤᠷᠤᠭᠤᠯᠵᠤ ᠪᠤᠯᠬᠤ ᠦᠬᠡᠢ᠂ ᠳᠤᠷ᠎ᠠ ᠪᠠᠷ ᠡᠮ ᠬᠡᠷᠡᠭᠯᠡᠵᠤ ᠪᠤᠯᠬᠤ ᠦᠬᠡᠢ᠃      3. ᠪᠠᠴᠢᠮ ᠠᠪᠤᠷᠠᠯᠳᠠ ᠶᠢᠨ 120 ᠢ ᠤᠳᠠᠰᠤᠳᠠᠵᠤ ᠡᠮᠴᠢ᠂ ᠳᠤᠰᠬᠠᠢ ᠮᠡᠷᠬᠡᠵᠢᠯ ᠤᠨ ᠬᠦᠮᠦᠰ ᠠᠴᠠ ᠬᠠᠪᠰᠤᠷᠤᠯᠭ᠎ᠠ ᠭᠤᠶᠤᠴᠢᠯᠠᠨ᠎ᠠ᠃        ᠪᠠᠭ᠎ᠠ ᠰᠢᠷᠬ᠎ᠠ ᠶᠢ ᠲᠦᠬᠦᠮᠬᠡᠨ ᠪᠤᠭᠤᠵᠤ ᠴᠢᠰᠤ ᠶᠢ ᠨᠢ ᠵᠤᠭᠰᠤᠭᠠᠵᠤ ᠪᠤᠯᠤᠨ᠎ᠠ᠃       ᠴᠢᠰᠤ ᠠᠷᠪᠢᠨ ᠭᠠᠷᠴᠤ ᠪᠠᠶᠢᠪᠠᠯ᠂ ᠳᠠᠷᠤᠶᠢᠬᠠᠨ ᠴᠢᠰᠤ ᠶᠢ ᠨᠢ ᠵᠤᠭᠰᠤᠭᠠᠬᠤ ᠠᠷᠭ᠎ᠠ ᠠᠪᠬᠤ ᠬᠡᠷᠡᠭᠳᠡᠢ᠃       ᠬᠡᠷᠪᠡ ᠰᠢᠷᠬᠠᠨ ᠤ ᠬᠡᠰᠡᠭ ᠲᠤ ᠨᠢ ᠪᠠᠭ᠎ᠠ ᠰᠢᠭ᠋ ᠪᠤᠳᠠᠰ ᠪᠠᠶᠢᠪᠠᠯ᠂ ᠠᠪᠴᠤ ᠭᠠᠷᠭᠠᠨ᠎ᠠ᠃       ᠰᠢᠷᠬᠠᠨ ᠤ ᠬᠡᠰᠡᠭ ᠲᠤ ᠨᠢ ᠶᠡᠭᠡ ᠰᠢᠭ ᠪᠤᠳᠠᠰ ᠪᠠᠶᠢᠪᠠᠯ᠂ ᠰᠢᠷᠬᠠᠳᠠᠭᠤᠯᠤᠭᠰᠠᠨ ᠪᠤᠳᠠᠰ ᠢ ᠰᠢᠭᠤᠳ ᠳᠠᠳᠠᠨ ᠠᠪᠴᠤ ᠪᠤᠯᠬᠤ ᠦᠬᠡᠢ᠂ ᠬᠠᠷᠢᠨ ᠴᠢᠰᠤ ᠶᠢ ᠨᠢ ᠵᠤᠭᠰᠤᠭᠠᠬᠤ ᠠᠷᠭ᠎ᠠ ᠠᠪᠬᠤ ᠶᠢᠨ ᠬᠠᠮᠳᠤ ᠰᠢᠷᠬᠠᠨ ᠤ ᠬᠡᠰᠡᠭ ᠤᠨ ᠪᠤᠳᠠᠰ ᠢ ᠳᠤᠭᠳᠠᠭᠠᠨ᠎ᠠ᠃
ᠢᠷᠡᠯᠲᠡ᠄ NMTV ᠰᠤᠶᠤᠯ ᠸᠢᠴᠠᠲ ᠳᠠᠪᠴᠠᠩ