ᠦᠳᠦᠨ ᠪᠦᠮᠪᠦᠭᠡ ᠨᠠᠭᠠᠳᠬᠤ ᠨᠢ ᠬᠦᠵᠦᠬᠦᠦ ᠰᠡᠬᠡᠷ ᠤᠨ ᠡᠪᠡᠳᠴᠢᠨ ᠢ ᠵᠠᠰᠠᠵᠤ ᠴᠢᠳᠠᠨ᠎ᠠ ᠤᠤ︖
ᠨᠡᠶᠢᠲᠡᠯᠡᠭᠰᠡᠨ ᠴᠠᠭ᠄
2023/12/7
      ᠠᠷᠠᠳ ᠤᠨ ᠳᠤᠮᠳᠠ ︽ᠦᠳᠦᠨ ᠪᠦᠮᠪᠦᠭᠡ ᠨᠠᠭᠠᠳᠬᠤ ᠨᠢ ᠬᠦᠵᠦᠬᠦᠦ ᠰᠡᠬᠡᠷ ᠤᠨ ᠡᠪᠡᠳᠴᠢᠨ ᠢ ᠵᠠᠰᠠᠨ᠎ᠠ︾ ᠬᠡᠳᠡᠭ ᠬᠡᠯᠡᠯᠬᠡ ᠪᠠᠶᠢᠳᠠᠭ᠂ ᠳᠡᠬᠡᠪᠡᠯ ᠬᠦᠳᠡᠯᠬᠡᠬᠡᠨ ᠬᠢᠬᠦ ᠨᠢ ᠦᠨᠡᠬᠡᠷ ᠶᠠᠰᠤᠨ ᠤ ᠰᠠᠯᠠᠭᠠᠨ ᠤ ᠡᠪᠡᠳᠴᠢᠨ ᠳᠤ ᠡᠮᠴᠢᠯᠡᠬᠡᠨ ᠤ ᠦᠷ᠎ᠡ ᠳ᠋ᠦᠩ ᠲᠠᠢ ᠤᠤ︖       ᠵᠦᠢ ᠵᠤᠬᠢᠰᠳᠠᠢ ᠬᠦᠳᠡᠯᠬᠡᠬᠡᠨ ᠬᠢᠬᠦ ᠨᠢ ᠬᠦᠮᠦᠨ ᠤ ᠠᠷᠤᠭ ᠶᠠᠰᠤᠨ ᠤ ᠡᠷᠡᠬᠦᠯ ᠮᠡᠨᠳᠤ ᠳᠤ ᠠᠰᠢᠭᠳᠠᠢ᠃ ᠡᠮᠴᠢ ᠬᠦᠵᠦᠬᠦᠦ ᠰᠡᠬᠡᠷ ᠤᠨ ᠡᠪᠡᠳᠴᠢᠨ᠂ ᠪᠦᠰᠡᠯᠡᠬᠦᠷ ᠰᠡᠬᠡᠷ ᠤᠨ ᠡᠪᠡᠳᠴᠢᠨ ᠵᠡᠷᠬᠡ ᠠᠳᠠᠯᠢᠪᠳᠤᠷ ᠡᠪᠡᠳᠴᠢᠨ ᠢ ᠵᠠᠰᠠᠬᠤ ᠳᠠᠭᠠᠨ ᠡᠪᠡᠳᠴᠢᠳᠠᠨ ᠳᠤ ᠡᠪᠡᠳᠴᠢᠨ ᠤ ᠪᠠᠶᠢᠳᠠᠯ ᠳᠤ ᠳᠤᠬᠢᠷᠠᠭᠰᠠᠨ ︽ᠬᠦᠳᠡᠯᠬᠡᠬᠡᠨ ᠤ ᠵᠤᠷ︾ ᠭᠠᠷᠭᠠᠵᠤ ᠦᠭᠬᠦ ᠶᠢ ᠪᠤᠳᠤᠯᠬᠢᠯᠠᠵᠤ᠂ ᠡᠪᠡᠳᠴᠢᠳᠠᠨ ᠢ ᠠᠷᠤ ᠨᠢᠷᠤᠭᠤ ᠶᠢᠨ ᠪᠤᠯᠴᠢᠩ ᠮᠢᠬ᠎ᠠ ᠪᠠᠨ ᠪᠤᠯᠪᠠᠰᠤᠷᠠᠭᠤᠯᠵᠤ᠂ ᠬᠦᠵᠦᠬᠦᠦ ᠰᠡᠬᠡᠷ᠂ ᠪᠦᠰᠡᠯᠡᠬᠦᠷ ᠨᠢᠷᠤᠭᠤ ᠪᠠᠨ ᠨᠡᠩ ᠳᠤᠭᠳᠠᠪᠤᠷᠢᠳᠡᠢ ᠪᠤᠯᠭᠠᠬᠤ ᠬᠦᠳᠡᠯᠬᠡᠬᠡᠨ ᠳᠤ ᠤᠷᠤᠯᠴᠠᠭᠤᠯᠵᠤ᠂ ᠡᠪᠡᠳᠴᠢᠨ ᠢ ᠬᠦᠩᠬᠡᠷᠡᠬᠦᠯᠬᠦ ᠶᠢ ᠰᠠᠨᠠᠭᠤᠯᠳᠠᠭ᠃ ᠬᠡᠨᠡᠳᠳᠡ ᠶᠢᠨ ᠴᠢᠨᠠᠷᠳᠠᠢ᠂ ᠬᠦᠩᠬᠡᠪᠳᠤᠷ᠂ ᠡᠰᠡᠬᠦᠯ᠎ᠡ ᠡᠬᠢᠨ ᠤ ᠦᠶ᠎ᠡ ᠶᠢᠨ ᠡᠪᠡᠳᠴᠢᠨ ᠤ ᠰᠢᠨᠵᠢ ᠶᠢ ᠶᠡᠷᠦᠩᠬᠡᠢ ᠳᠡᠭᠡᠨ ᠵᠤᠬᠢᠬᠤ ᠬᠦᠳᠡᠯᠬᠡᠬᠡᠨ ᠢᠶᠠᠷ ᠳᠠᠮᠵᠢᠨ ᠵᠠᠰᠠᠵᠤ ᠠᠷᠢᠯᠭᠠᠵᠤ ᠪᠤᠯᠳᠠᠭ᠃       ᠳᠠᠮᠢᠷ ᠤᠨ ᠬᠦᠳᠡᠯᠬᠡᠬᠡᠨ ᠤ ᠰᠤᠩᠭᠤᠯᠳᠠ ᠮᠠᠰᠢ ᠴᠢᠬᠤᠯᠠ᠃ ᠵᠠᠷᠢᠮ ᠳᠠᠮᠢᠷ ᠤᠨ ᠬᠦᠳᠡᠯᠬᠡᠬᠡᠨ ᠨᠢ ᠶᠠᠮᠠᠷ ᠨᠢᠬᠡᠨ ᠡᠪᠡᠳᠴᠢᠨ ᠳᠤ ᠨᠡᠷᠪᠡᠭᠳᠡᠭᠰᠡᠨ ᠬᠦᠮᠦᠰ ᠲᠤ ᠳᠤᠬᠢᠷᠠᠬᠤ ᠦᠬᠡᠢ ᠪᠤᠶᠤ ᠠᠰᠢᠭ ᠦᠬᠡᠢ ᠦᠷ᠎ᠡ ᠨᠦᠯᠦᠬᠡ ᠠᠪᠴᠢᠷᠠᠳᠠᠭ᠃ ᠦᠳᠦᠨ ᠪᠦᠮᠪᠦᠭᠡ ᠪᠠᠷ ᠵᠢᠱᠢᠶᠡᠯᠡᠪᠡᠯ᠂ ᠪᠦᠮᠪᠦᠭᠡ ᠳᠤᠰᠬᠤ ᠶᠠᠪᠤᠴᠠ ᠳᠤ ᠳᠤᠯᠤᠭᠠᠢ ᠪᠠ ᠬᠦᠵᠦᠬᠦᠦ ᠪᠠᠨ ᠳᠠᠬᠢᠨ ᠳᠠᠪᠳᠠᠨ ᠡᠷᠬᠢᠬᠦᠯᠦᠨ ᠬᠦᠳᠡᠯᠬᠡᠪᠡᠯ᠂ ᠮᠠᠭᠤ ᠳᠠᠳᠬᠠᠯ ᠠᠴᠠ ᠪᠤᠯᠤᠭᠰᠠᠨ ᠬᠦᠵᠦᠬᠦᠦ ᠰᠡᠬᠡᠷ  ᠤᠨ ᠡᠪᠡᠳᠴᠢᠨ ᠢ ᠡᠰᠡᠷᠬᠦᠴᠡᠵᠤ᠂ ᠡᠪᠡᠳᠴᠢᠨ ᠤ ᠢᠯᠡᠷᠡᠯ ᠢ ᠨᠠᠮᠳᠠᠭᠤᠯᠬᠤ ᠪᠠ ᠡᠶᠢᠮᠦᠷᠬᠦᠦ ᠡᠪᠡᠳᠴᠢᠨ ᠢ ᠰᠡᠷᠬᠡᠶᠢᠯᠡᠬᠦ ᠳᠤ ᠠᠰᠢᠭᠳᠠᠢ ᠪᠠᠶᠢᠳᠠᠭ᠃ ᠬᠡᠪᠡᠴᠤ ᠰᠡᠬᠡᠷ ᠤᠨ ᠭᠤᠤᠷᠰᠤ ᠨᠠᠷᠢᠰᠬᠤ ᠠᠰᠠᠭᠤᠳᠠᠯ ᠭᠠᠷᠪᠠᠯ᠂ ᠦᠳᠦᠨ ᠪᠦᠮᠪᠦᠭᠡ ᠶᠢᠨ ᠬᠦᠳᠡᠯᠬᠡᠬᠡᠨ ᠳᠤ ᠤᠷᠤᠯᠴᠠᠵᠤ ᠪᠤᠯᠬᠤ ᠡᠰᠡᠬᠦ ᠨᠢ ᠡᠮᠴᠢ ᠶᠢᠨ ᠵᠠᠬᠢᠶ᠎ᠠ ᠰᠠᠨᠠᠭᠤᠯᠭ᠎ᠠ ᠶᠢ ᠳᠠᠭᠠᠬᠤ ᠬᠡᠷᠡᠭᠳᠡᠢ᠃       ᠬᠦᠳᠡᠯᠬᠡᠬᠡᠨ ᠬᠡᠳᠤᠢ ᠠᠷᠪᠢᠨ ᠪᠤᠯ ᠳᠠᠳᠤᠢ ᠰᠠᠶᠢᠨ ᠪᠠᠶᠢᠳᠠᠭ ᠤᠤ︖ ᠳᠡᠶᠢᠮᠤ ᠪᠢᠰᠢ᠃ ᠦᠳᠦᠨ ᠪᠦᠮᠪᠦᠭᠡ ᠶᠢᠨ ᠬᠦᠳᠡᠯᠬᠡᠬᠡᠨ ᠬᠡᠳᠤᠷᠡᠪᠡᠯ ᠠᠮᠠᠷᠬᠠᠨ ᠮᠦᠷᠦ᠂ ᠨᠢᠷᠤᠭᠤ᠂ ᠡᠪᠤᠳᠦᠭ ᠵᠡᠷᠬᠡ ᠦᠶ᠎ᠡ ᠬᠡᠰᠢᠬᠦᠦ ᠬᠡᠮᠳᠤᠨ᠎ᠡ᠃ ᠬᠦᠳᠡᠯᠬᠡᠬᠡᠨ ᠬᠢᠬᠦ ᠨᠢ ᠡᠷᠡᠬᠦᠯ ᠮᠡᠨᠳᠤ ᠳᠤ ᠠᠰᠢᠭᠳᠠᠢ᠂ ᠬᠡᠪᠡᠴᠤ ᠬᠡᠮᠵᠢᠶ᠎ᠡ ᠲᠠᠢ ᠬᠦᠳᠡᠯᠬᠡᠬᠡᠨ ᠬᠢᠬᠦ ᠬᠡᠷᠡᠭᠳᠡᠢ᠃ ᠬᠦᠮᠦᠨ ᠪᠤᠯᠭᠠᠨ ᠤ ᠪᠡᠶ᠎ᠡ ᠶᠢᠨ ᠪᠠᠶᠢᠳᠠᠯ᠂ ᠪᠤᠯᠴᠢᠩ ᠤᠨ ᠪᠤᠶᠢᠵᠢᠯᠳᠡ ᠪᠦᠷ ᠠᠳᠠᠯᠢ ᠪᠤᠰᠤ ᠪᠠᠶᠢᠵᠤ᠂ ᠨᠡᠶᠢᠳᠡᠮ ᠬᠡᠷᠡᠭᠯᠡᠭᠳᠡᠬᠦ ︽ᠬᠦᠳᠡᠯᠬᠡᠬᠡᠨ ᠤ ᠵᠤᠷ︾ ᠬᠡᠵᠤ ᠪᠠᠶᠢᠳᠠᠭ ᠦᠬᠡᠢ ᠪᠤᠯᠬᠤᠷ ᠦᠪᠡᠷ ᠤᠨ ᠪᠠᠶᠢᠳᠠᠯ ᠢᠶᠠᠨ ᠦᠨᠳᠤᠰᠤᠯᠡᠨ ᠳᠤᠬᠢᠷᠠᠮᠵᠢᠳᠡᠢ ᠳᠠᠮᠢᠷ ᠤᠨ ᠬᠦᠳᠡᠯᠬᠡᠬᠡᠨ ᠪᠠ ᠬᠦᠳᠡᠯᠬᠡᠬᠡᠨ ᠤ ᠬᠦᠴᠦᠯᠡᠴᠡ ᠪᠠᠨ ᠰᠤᠩᠭᠤᠬᠤ ᠬᠡᠷᠡᠭᠳᠡᠢ᠃       ᠭᠠᠷᠠᠭ ᠪᠦᠷᠢ ᠳᠤᠮᠳᠠ ᠵᠡᠷᠬᠡ ᠶᠢᠨ ᠬᠦᠴᠦᠯᠡᠴᠡ ᠲᠠᠢ ᠬᠦᠳᠡᠯᠬᠡᠬᠡᠨ ᠳᠤ 2 — 4 ᠤᠳᠠᠭ᠎ᠠ ᠤᠷᠤᠯᠴᠠᠵᠤ ᠪᠠᠶᠢᠬᠤ ᠶᠢ ᠰᠠᠨᠠᠭᠤᠯᠤᠶ᠎ᠠ᠃ ᠬᠡᠷᠪᠡ ᠪᠡᠶ᠎ᠡ ᠳᠤ ᠡᠪ ᠦᠬᠡᠢ ᠪᠠᠶᠢᠳᠠᠯ ᠨᠡᠯᠢᠶᠡᠳ ᠤᠳᠠᠭᠠᠨ ᠦᠷᠬᠦᠯᠵᠢᠯᠡᠭᠰᠡᠨ ᠪᠤᠶᠤ ᠮᠡᠳᠡᠷᠡᠯ ᠤᠨ ᠳᠠᠷᠤᠯᠳᠠ ᠶᠢᠨ ᠪᠠᠶᠢᠳᠠᠯ ᠭᠠᠷᠤᠭᠰᠠᠨ ᠪᠠᠶᠢᠪᠠᠯ ᠡᠷᠳᠡᠬᠡᠨ ᠡᠮᠨᠡᠬᠦᠯᠵᠤ᠂ ᠡᠮᠴᠢ  ᠶᠢᠨ ᠵᠢᠭᠠᠪᠤᠷᠢ ᠪᠠᠷ ᠡᠮᠨᠡᠨ ᠵᠠᠰᠠᠬᠤ ᠬᠡᠷᠡᠭᠳᠡᠢ᠃
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ ᠤᠨ ᠵᠢᠷᠬᠢᠶ᠎ᠡ ᠶᠢᠨ ᠳᠠᠪᠴᠠᠩ