ᠳᠠᠷᠬᠠᠯᠠᠭ᠎ᠠ ᠶᠢ ᠰᠠᠶᠢᠵᠢᠷᠠᠭᠤᠯᠬᠤ ᠳᠤ ᠳᠤᠰᠠᠯᠠᠬᠤ ᠳᠠᠪᠤᠨ ᠵᠦᠢᠯ ᠤᠨ ᠵᠢᠮᠢᠰ
ᠨᠡᠶᠢᠲᠡᠯᠡᠭᠰᠡᠨ ᠴᠠᠭ᠄
2023/12/6
     ᠢᠳᠡᠬᠡᠨ ᠤᠮᠳᠠᠭᠠᠨ ᠤ ᠡᠯᠪᠡᠭ ᠪᠠᠶᠠᠯᠢᠭ ᠰᠢᠮ᠎ᠡ ᠳᠡᠵᠢᠬᠡᠯ ᠨᠢ ᠬᠦᠮᠦᠨ ᠤ ᠪᠡᠶ᠎ᠡ ᠶᠢᠨ ᠳᠠᠷᠬᠠᠯᠠᠭ᠎ᠠ ᠶᠢ ᠰᠠᠶᠢᠵᠢᠷᠠᠭᠤᠯᠵᠤ᠂ ᠡᠪᠡᠳᠴᠢᠨ ᠡᠮᠬᠡᠭ ᠠᠴᠠ ᠰᠡᠷᠬᠡᠶᠢᠯᠡᠬᠦ ᠳᠤ ᠤᠮᠳᠤᠭᠠᠶᠢᠯᠠᠵᠤ ᠪᠤᠯᠤᠰᠢ ᠦᠬᠡᠢ ᠴᠢᠬᠤᠯᠠ ᠦᠢᠯᠡᠳᠤᠯ ᠦᠵᠡᠬᠦᠯᠳᠡᠭ᠃ ᠵᠠᠯᠭᠠᠭᠠᠳ ᠳᠠᠷᠬᠠᠯᠠᠭ᠎ᠠ ᠶᠢ ᠰᠠᠶᠢᠵᠢᠷᠠᠭᠤᠯᠬᠤ ᠳᠤ ᠳᠤᠰᠠᠯᠠᠬᠤ ᠳᠠᠪᠤᠨ ᠵᠦᠢᠯ ᠤᠨ ᠵᠢᠮᠢᠰ ᠢ ᠲᠠ ᠪᠦᠬᠦᠨ ᠳᠤ ᠳᠠᠨᠢᠯᠴᠠᠭᠤᠯᠤᠶ᠎ᠠ᠃       ᠲᠤᠰᠢᠯᠤᠭ       ᠳᠤᠰᠢᠯᠤᠭ ᠪᠤᠯ ᠸᠢᠲ᠋ᠠᠮᠢᠨ C ᠡᠯᠪᠡᠭ ᠠᠭᠤᠯᠳᠠᠭ ᠵᠢᠮᠢᠰ᠂ 100g ᠪᠦᠷᠢ ᠳᠤ 62mg ᠤᠨ ᠸᠢᠲ᠋ᠠᠮᠢᠨ C ᠠᠭᠤᠯᠵᠤ᠂ 1 ᠬᠠᠭᠠᠰ ᠳᠤᠰᠢᠯᠤᠭ ᠢᠳᠡᠪᠡᠯ ᠨᠠᠰᠤᠨ ᠳᠤ ᠬᠦᠷᠦᠭᠰᠡᠳ ᠤᠨ ᠪᠦᠬᠦᠯᠢ ᠡᠳᠤᠷ ᠤᠨ ᠸᠢᠲ᠋ᠠᠮᠢᠨ C  ᠤᠨ ᠬᠡᠷᠡᠭᠴᠡᠭᠡ ᠶᠢ ᠬᠠᠩᠭᠠᠵᠤ ᠳᠡᠶᠢᠯᠳᠡᠭ᠃ ᠸᠢᠲ᠋ᠠᠮᠢᠨ C ᠨᠢ ᠬᠦᠮᠦᠨ ᠤ ᠪᠡᠶ᠎ᠡ ᠶᠢᠨ ᠳᠠᠮᠤᠷ ᠢ ᠰᠢᠩᠬᠡᠬᠡᠬᠦ ᠳᠤ ᠬᠠᠪᠰᠤᠷᠤᠮᠵᠢ ᠪᠤᠯᠬᠤ ᠠᠴᠠ ᠭᠠᠳᠠᠨ᠎ᠠ ᠪᠠᠰᠠ ᠴᠠᠪᠠᠤᠯᠢᠭ ᠤᠭᠤᠷᠠᠭ ᠤᠨ ᠨᠡᠶᠢᠯᠡᠯᠬᠡ ᠶᠢ ᠠᠬᠢᠭᠤᠯᠵᠤ᠂ ᠠᠷᠠᠰᠤ ᠶᠢ ᠬᠠᠷᠢᠮᠠᠬᠠᠢ ᠴᠢᠨᠠᠷᠳᠠᠢ ᠪᠤᠯᠭᠠᠵᠤ᠂ ᠢᠰᠦᠯᠳᠦᠬᠦ ᠶᠢ ᠡᠰᠡᠷᠬᠦᠴᠡᠨ ᠳᠠᠷᠬᠠᠯᠠᠭ᠎ᠠ ᠶᠢ ᠰᠠᠶᠢᠵᠢᠷᠠᠭᠤᠯᠬᠤ ᠦᠢᠯᠡᠳᠤᠯ ᠲᠠᠢ᠃       ᠬᠦᠵᠡᠯᠵᠡᠬᠡᠨ᠎ᠡ       ᠬᠦᠵᠡᠯᠵᠡᠬᠡᠨ᠎ᠡ ᠪᠤᠯ ᠡᠪᠤᠯ ᠤᠨ ᠤᠯᠠᠷᠢᠯ ᠤᠨ ᠵᠢᠮᠢᠰ᠂ ᠳᠡᠬᠦᠨ ᠤ ᠸᠢᠲ᠋ᠠᠮᠢᠨ C ᠤᠨ ᠠᠭᠤᠯᠤᠭᠳᠠᠴᠠ ᠳᠤᠰᠢᠯᠤᠭ ᠲᠤ ᠬᠦᠷᠬᠦ ᠦᠬᠡᠢ ᠪᠤᠯᠪᠠᠴᠤ ᠵᠦᠷᠵᠢ ᠠᠴᠠ ᠦᠨᠳᠤᠷ ᠪᠠᠶᠢᠳᠠᠭ᠃ ᠳᠡᠶᠢᠮᠤ ᠠᠴᠠ ᠳᠤᠮᠤ ᠰᠢᠭ᠋ ᠬᠦᠵᠡᠯᠵᠡᠬᠡᠨ᠎ᠡ ᠶᠢ ᠵᠢᠷᠭᠤᠭ᠎ᠠ ᠳᠤᠯᠤᠭ᠎ᠠ ᠶᠢ ᠢᠳᠡᠪᠡᠯ ᠬᠦᠮᠦᠨ ᠤ ᠪᠡᠶ᠎ᠡ ᠶᠢᠨ ᠪᠦᠬᠦᠯᠢ ᠡᠳᠤᠷ ᠤᠨ VC ᠤᠨ ᠬᠡᠷᠡᠭᠴᠡᠭᠡ ᠶᠢ ᠬᠠᠩᠭᠠᠵᠤ ᠳᠡᠶᠢᠯᠦᠨ᠎ᠡ᠃ ᠬᠦᠵᠡᠯᠵᠡᠬᠡᠨ᠎ᠡ ᠨᠡᠪᠴᠢᠨ ᠤ ᠬᠦᠴᠢᠯ ᠤᠨ ᠠᠭᠤᠯᠤᠭᠳᠠᠴᠠ ᠪᠠᠷ ᠢᠶᠠᠨ ᠵᠢᠮᠢᠰ ᠤᠨ ᠳᠤᠮᠳᠠ ᠪᠠᠨ ᠤᠷᠤᠶᠢᠯᠠᠳᠠᠭ ᠪᠦᠬᠡᠳ ᠢᠰᠦᠯᠳᠦᠬᠦ ᠶᠢ ᠡᠰᠡᠷᠬᠦᠴᠡᠬᠦ ᠡᠳ᠋ ᠡᠯᠪᠡᠭ ᠠᠭᠤᠯᠵᠤ᠂ ᠢᠰᠦᠯᠳᠦᠬᠦ ᠶᠢ ᠡᠰᠡᠷᠬᠦᠴᠡᠬᠦ᠂ ᠦᠷᠪᠢᠰᠤᠯ ᠢ ᠳᠠᠷᠤᠬᠤ᠂ ᠳᠠᠷᠬᠠᠯᠠᠭ᠎ᠠ ᠶᠢ ᠰᠠᠶᠢᠵᠢᠷᠠᠭᠤᠯᠬᠤ ᠳᠤ ᠬᠠᠪᠰᠤᠷᠤᠮᠵᠢ ᠪᠤᠯᠳᠠᠭ᠃       ᠨᠠᠷᠰᠤ       ᠨᠠᠷᠰᠤ ᠪᠤᠯ ᠪᠠᠰᠠ ᠸᠢᠲ᠋ᠠᠮᠢᠨ C ᠪᠠ ᠢᠰᠦᠯᠳᠦᠬᠦ ᠶᠢ ᠡᠰᠡᠷᠬᠦᠴᠡᠬᠦ ᠡᠳ᠋ ᠡᠯᠪᠡᠭ ᠠᠭᠤᠯᠤᠭᠰᠠᠨ ᠵᠢᠮᠢᠰ ᠪᠤᠯᠤᠨ᠎ᠠ᠃ ᠳᠡᠬᠦᠨ ᠳᠤ ᠪᠠᠰᠠ ᠦᠷᠪᠢᠰᠤᠯ ᠢ ᠳᠠᠷᠤᠬᠤ ᠴᠢᠨᠠᠷᠳᠠᠢ ᠪᠤᠳᠠᠰ ᠠᠭᠤᠯᠵᠤ᠂ ᠳᠠᠷᠬᠠᠯᠠᠭ᠎ᠠ ᠶᠢ ᠳᠠᠮᠵᠢᠬᠦ  ᠳᠤ ᠳᠤᠰᠠᠳᠠᠢ ᠪᠠᠶᠢᠳᠠᠭ᠃       ᠵᠦᠷᠵᠢᠯᠢᠭ       ᠵᠦᠷᠵᠢᠯᠢᠭ ᠲᠤ ᠬᠤᠯᠤᠤᠪᠠᠩ ᠤᠨ ᠡᠳ᠋᠂ ᠸᠢᠲ᠋ᠠᠮᠢᠨ C᠂ ᠸᠢᠲ᠋ᠠᠮᠢᠨ B1᠂ ᠸᠢᠲ᠋ᠠᠮᠢᠨ B6 ᠵᠡᠷᠬᠡ ᠤᠯᠠᠨ ᠵᠦᠢᠯ ᠤᠨ ᠰᠢᠮ᠎ᠡ ᠳᠡᠵᠢᠬᠡᠯᠳᠤ ᠪᠤᠳᠠᠰ ᠠᠭᠤᠯᠵᠤ᠂ ᠬᠠᠨᠢᠶᠠᠳᠤ ᠶᠢ ᠨᠠᠮᠳᠠᠭᠠᠨ᠂ ᠠᠭᠤᠰᠬᠢᠨ ᠤ ᠡᠷᠡᠬᠦᠯ ᠮᠡᠨᠳᠤ ᠳᠤ ᠳᠤᠰᠠᠳᠠᠢ ᠪᠠᠶᠢᠳᠠᠭ᠃ ᠵᠦᠷᠵᠢᠯᠢᠭ ᠨᠢ ᠬᠦᠢᠳᠡᠨ ᠰᠡᠷᠢᠬᠦᠨ ᠴᠢᠨᠠᠷ ᠲᠠᠢ ᠳᠤᠯᠠ ᠬᠡᠮᠵᠢᠶ᠎ᠡ ᠠᠴᠠ ᠬᠡᠳᠤᠷᠡᠳᠡᠯ᠎ᠡ ᠢᠳᠡᠵᠤ ᠪᠤᠯᠬᠤ ᠦᠬᠡᠢ᠂ ᠡᠳᠤᠷ ᠪᠦᠷᠢ 2— 3 ᠰᠢᠳᠤ ᠢᠳᠡᠪᠡᠯ ᠳᠤᠬᠢᠷᠠᠮᠵᠢᠳᠡᠢ᠃       ᠲᠦᠮᠡᠨ ᠦᠷᠡᠳᠤ ᠵᠢᠮᠢᠰ       ᠲᠦᠮᠡᠨ ᠦᠷᠡᠳᠤ ᠵᠢᠮᠢᠰ ᠪᠤᠯ ᠨᠢᠬᠡ ᠵᠦᠢᠯ ᠤᠨ ᠸᠢᠲ᠋ᠠᠮᠢᠨ C ᠪᠠ ᠢᠰᠦᠯᠳᠦᠬᠦ ᠶᠢ ᠡᠰᠡᠷᠬᠦᠴᠡᠬᠦ ᠡᠳ᠋ ᠡᠯᠪᠡᠭ ᠠᠭᠤᠯᠤᠭᠰᠠᠨ ᠵᠢᠮᠢᠰ᠂ ᠳᠠᠷᠬᠠᠯᠠᠭ᠎ᠠ ᠶᠢ ᠰᠠᠶᠢᠵᠢᠷᠠᠭᠤᠯᠬᠤ ᠳᠤ ᠳᠤᠰᠠᠳᠠᠢ ᠪᠠᠶᠢᠳᠠᠭ᠃ ᠳᠡᠬᠦᠨ ᠳᠤ ᠢᠳᠡᠬᠡᠨ  ᠤ ᠰᠢᠷᠬᠡᠭᠯᠢᠭ ᠡᠯᠪᠡᠭ ᠠᠭᠤᠯᠤᠭᠳᠠᠵᠤ᠂ ᠬᠦᠮᠦᠨ ᠤ ᠪᠡᠶ᠎ᠡ ᠶᠢᠨ ᠰᠢᠩᠬᠡᠬᠡᠯᠳᠡ ᠳᠤ ᠳᠤᠰᠠᠯᠠᠳᠠᠭ᠃ ᠰᠠᠨᠠᠭᠤᠯᠤᠮᠵᠢ᠄       ᠢᠳᠡᠬᠡᠨ ᠤᠮᠳᠠᠭᠠᠨ ᠢᠶᠠᠨ ᠰᠢᠨᠵᠢᠯᠡᠬᠦ ᠤᠬᠠᠭᠠᠨᠴᠢ ᠪᠠᠷ ᠳᠤᠬᠢᠷᠠᠭᠤᠯᠬᠤ ᠳᠤ ᠢᠳᠡᠬᠡᠨ ᠤ ᠤᠯᠠᠨ ᠶᠠᠩᠵᠤᠳᠤ ᠴᠢᠨᠠᠷ ᠢ ᠠᠩᠬᠠᠷᠬᠤ ᠬᠡᠷᠡᠭᠳᠡᠢ᠃ ᠡᠳᠤᠷ ᠳᠤᠳᠤᠮ ᠬᠦᠨ ᠦᠩᠬᠡᠳᠡᠢ ᠨᠤᠭᠤᠭ᠎ᠠ ᠵᠢᠮᠢᠰ ᠢ ᠢᠯᠡᠬᠦᠬᠡᠨ ᠢᠳᠡᠵᠤ᠂ ᠡᠳᠤᠷ ᠪᠦᠷᠢ 300 ~ 500g ᠢᠳᠡᠰᠢᠨ ᠨᠤᠭᠤᠭ᠎ᠠ᠂ 200 ~ 350g ᠵᠢᠮᠢᠰ ᠢᠳᠡᠪᠡᠯ ᠳᠤᠬᠢᠷᠠᠮᠵᠢᠳᠡᠢ ᠪᠠᠶᠢᠳᠠᠭ᠃ ᠡᠬᠦᠨ ᠠᠴᠠ ᠭᠠᠳᠠᠨ᠎ᠠ ᠤᠨᠳᠠᠵᠤ ᠠᠮᠠᠷᠠᠬᠤ ᠪᠠᠨ ᠳᠡᠩᠴᠡᠬᠦᠯᠦᠨ᠂ ᠵᠤᠬᠢᠬᠤ ᠬᠡᠮᠵᠢᠶᠡᠨ ᠤ ᠪᠤᠯᠪᠠᠰᠤᠷᠠᠯ  ᠳᠤ ᠤᠷᠤᠯᠴᠠᠵᠤ ᠪᠡᠶ᠎ᠡ ᠪᠠᠨ ᠴᠢᠬᠢᠷᠠᠭᠵᠢᠭᠤᠯᠪᠠᠯ ᠳᠠᠷᠬᠠᠯᠠᠭ᠎ᠠ ᠰᠠᠶᠢᠵᠢᠷᠠᠵᠤ᠂ ᠡᠪᠡᠳᠴᠢᠨ ᠡᠮᠬᠡᠭ ᠠᠴᠠ ᠰᠡᠷᠬᠡᠶᠢᠯᠡᠵᠤ ᠴᠢᠳᠠᠨ᠎ᠠ᠃
ᠢᠷᠡᠯᠲᠡ᠄ ︽ᠦᠪᠦᠷ ᠮᠤᠩᠭᠤᠯ ᠤᠨ ᠡᠮᠡᠭᠳᠡᠶᠢᠴᠤᠳ︾ ᠰᠡᠳᠬᠦᠯ ᠤᠨ ᠵᠢᠷᠬᠢᠶ᠎ᠡ ᠶᠢᠨ ᠳᠠᠪᠴᠠᠩ