| | ᠡᠷᠡᠭᠲᠡᠢ᠂ ᠬᠢᠲᠠᠳ ᠦᠨᠳᠦᠰᠦᠲᠡᠨ᠂ ᠥᠭᠡᠷ᠎ᠡ ᠨᠡᠷ᠎ᠡ ᠨᠢ ᠯᠢ ᠸᠠᠨ ᠼᠠᠢ ᠭᠡᠳᠡᠭ᠂ 1927 ᠣᠨ ᠤ 9 ᠰᠠᠷ᠎ᠠ ᠶᠢᠨ 18 ᠤ ᠡᠳᠦᠷ ᠰᠠᠶᠢᠨᠳᠣᠷ᠎ᠠ ᠰᠢᠶᠠᠨ ᠤ | ᠤᠯᠤᠩ ᠣᠰᠤᠨ ᠳᠤ ᠲᠦᠷᠦᠵᠡᠢ᠃ ᠯᠢ ᠰᠠᠨ ᠵᠦᠩ ᠨᠠᠢᠮᠠᠨ ᠨᠠᠰᠤᠲᠠᠢ ᠳᠠᠭᠠᠨ ᠡᠬᠡ ᠪᠠᠨ ᠠᠯᠳᠠᠵᠤ᠂ ᠡᠴᠢᠭᠡ ᠯᠢ ᠸᠧᠨ ᠶᠢᠤ ᠨᠢ ᠭᠤᠷᠪᠠᠨ ᠬᠦᠦ ᠪᠠᠨ | ᠳᠠᠭᠠᠭᠤᠯᠤᠨ ᠶᠤᠸᠠᠨ ᠳ᠋ᠠ ᠲᠠᠨ᠂ ᠾᠧᠩ ᠱᠠᠨ᠂ ᠯᠢᠦ ᠱᠦ ᠸᠠᠨ᠂ ᠵᠠᠩ ᠵᠢᠶᠠ ᠫᠠᠨ ᠢᠶᠠᠷ ᠪᠠᠳᠢᠷᠯᠠᠨ ᠶᠠᠪᠤᠭᠰᠠᠭᠠᠷ ᠰᠢᠶᠠᠨ ᠮᠦᠸᠧ ᠸᠠᠨ ᠳᠤ ᠤᠴᠢᠵᠤ ᠬᠦᠴᠦ | ᠶᠠᠪᠤᠪᠠ᠃ | 1939 ᠣᠨ ᠳᠤ᠂ ᠯᠢ ᠰᠠᠨ ᠵᠦᠡᠭ ᠭᠤᠮᠢᠨᠳᠠᠩ ᠤᠨ 11 ᠳ᠋ᠦ᠋ᠭᠡᠷ ᠪᠠᠷᠢᠭᠠᠳᠠ ᠶᠢᠨ ᠴᠧᠨ ᠬᠦᠢ ᠴᠢᠩ ᠤᠨ ᠰᠤᠮᠤᠨ ᠳᠤ ᠢᠳᠡᠷᠴᠤᠳ ᠢᠶᠠᠷ | ᠪᠠᠷᠢᠪᠴᠢᠯᠠᠭᠳᠠᠪᠠ᠃ ᠰᠡᠭᠦᠯᠡᠷ ᠨᠢ ᠨᠠᠢᠮᠠᠳᠤᠭᠠᠷ ᠵᠠᠮ ᠤᠨ ᠴᠡᠷᠢᠭ ᠬᠠᠷᠠᠭᠠᠨᠠᠲᠤ ᠶᠢᠨ ᠰᠢᠯᠢ ᠶᠢ ᠪᠦᠰᠡᠯᠡᠨ ᠴᠣᠬᠢᠭᠰᠠᠨ ᠳᠤ᠂ ᠯᠢ ᠰᠠᠨ ᠵᠦᠡᠭ ᠬᠤᠶᠠᠷ ᠶᠠᠪᠠᠭᠠᠨ ᠫᠤᠤ᠂ | ᠬᠤᠶᠠᠷ ᠵᠠᠭᠤᠨ ᠰᠤᠮᠤ᠂ ᠨᠢᠭᠡ ᠮᠣᠷᠢ ᠪᠠᠨ ᠨᠠᠢᠮᠠᠳᠤᠭᠠᠷ ᠵᠠᠮ ᠤᠨ ᠴᠡᠷᠢᠭ ᠲᠤ ᠲᠤᠰᠢᠶᠠᠨ ᠥᠭᠴᠦ ᠪᠠᠭᠤᠵᠤ ᠦᠭᠪᠡ᠃ ᠤᠳᠠᠯ ᠦᠭᠡᠢ ᠯᠢ ᠰᠠᠨ ᠵᠦᠡᠭ | ᠡᠷᠦᠭᠡ ᠶᠢᠨ ᠴᠡᠷᠢᠭ ᠲᠤ ᠣᠷᠣᠵᠤ᠂ ᠰᠡᠭᠦᠯᠡᠷ ᠨᠢ ᠲᠠᠰᠤᠭ ᠤᠨ ᠳᠠᠷᠤᠭ᠎ᠠ ᠪᠣᠯᠪᠠ᠃ 1944 ᠣᠨ ᠳᠤ᠂ ᠯᠢ ᠰᠠᠨ ᠵᠦᠡᠭ ᠦᠨᠳᠤᠰᠤᠨ ᠱᠠᠳᠤᠨ ᠤ | ᠭᠠᠪᠰᠢᠭᠠᠶᠢᠴᠤᠳ ᠤᠨ ᠠᠩᠬᠢ ᠳᠤ ᠬᠤᠪᠢᠶᠠᠭᠳᠠᠵᠤ᠂ ᠰᠡᠭᠦᠯᠡᠷ ᠨᠢ ᠫᠠᠷᠲ᠋ᠢᠽᠠᠨ ᠠᠩᠭᠢ ᠪᠣᠯᠭᠠᠨ ᠥᠭᠡᠷᠡᠴᠢᠯᠡᠨ ᠪᠠᠶᠢᠭᠤᠯᠪᠠ᠃ | 1947 ᠣᠨ ᠤ 4 ᠰᠠᠷ᠎ᠠ ᠶᠢᠨ 27 ᠤ ᠰᠥᠨᠢ᠂ ᠯᠢ ᠰᠠᠨ ᠵᠦᠡᠭ ᠪᠤᠷᠤᠪᠠᠯᠭᠠᠰᠤᠨ ᠤ ᠬᠡᠷᠡᠭ ᠡᠷᠬᠢᠯᠡᠬᠦ ᠭᠠᠵᠠᠷ ᠢ ᠲᠠᠭᠠᠵᠦ ᠰᠢᠶᠣᠣ ᠴᠢᠶᠣᠤ ᠫᠠᠨ᠂ ᠰᠧ | ᠶᠠᠩ ᠸᠠᠨ᠂ ᠵᠠᠩ ᠵᠢᠶᠠ ᠫᠠᠨ ᠳᠤ ᠤᠬᠤᠷᠢᠨ ᠬᠦᠷᠪᠡ᠃ 5 ᠰᠠᠷ᠎ᠠ ᠳᠤ ᠴᠢᠯᠦᠭᠡᠯᠡᠬᠦ ᠴᠡᠷᠢᠭ ᠨᠢᠩ ᠲᠢᠶᠣᠣ ᠯᠢᠶᠠᠩ ᠳᠤ ᠮᠠ ᠬᠤᠩ ᠺᠦᠢ ᠪᠣᠯᠣᠨ ᠵᠠᠩ ᠲᠢᠩ | ᡁᠢ ᠶᠢᠨ ᠳᠡᠭᠡᠷᠡᠮᠴᠢᠳ ᠢ ᠬᠥᠭᠡᠭᠡᠨ ᠶᠠᠪᠤᠭᠤᠯᠵᠠᠢ᠃ ᠳᠠᠷᠠᠭ᠎ᠠ ᠨᠢ ᠵᠤᠤ ᠬᠤᠢ ᠱᠠᠨ ᠯᠢ ᠰᠠᠨ ᠵᠦᠩ ᠵᠡᠷᠭᠡ 25 ᠫᠠᠷᠲ᠋ᠢᠽᠠᠨ ᠠᠩᠭᠢ ᠶᠢᠨ ᠭᠡᠰᠢᠭᠦᠨ ᠢ ᠳᠠᠭᠠᠭᠤᠯᠤᠨ | ᠪᠤᠷᠤᠪᠠᠯᠭᠠᠰᠤᠨ ᠳᠤ ᠬᠦᠷᠴᠦ ᠲᠡᠮᠦᠷ ᠤᠨ ᠶᠡᠭᠡ ᠠᠩᠭᠢ ᠶᠢ ᠪᠤᠳᠠ ᠴᠤᠬᠢᠵᠤ᠂ ᠮᠠᠨ ᠤ ᠴᠡᠷᠢᠭ ᠤᠬᠤᠷᠢᠬᠤ ᠦᠶ᠎ᠡ ᠳᠤ ᠪᠤᠷᠤᠪᠠᠯᠭᠠᠰᠤᠨ ᠤ ᠵᠡᠭᠦᠨ ᠬᠡᠰᠡᠭ ᠤᠨ | ᠪᠠᠭᠤᠳᠠᠯ ᠳᠤ ᠵᠤᠭᠤᠷᠢᠯᠠᠭᠰᠠᠨ ᠬᠤᠶᠠᠷ ᠵᠣᠭᠤᠷᠢ ᠠᠮᠤ ᠪᠤᠳᠠᠭ᠎ᠠ ᠶᠢ ᠮᠠᠯᠲᠠᠨ ᠭᠠᠷᠭᠠᠵᠤ᠂ ᠡᠯ ᠯᠢᠨ ᠴᠤᠸᠠᠨ᠂ ᠵᠠᠩ ᠵᠢᠶᠠ ᠫᠠᠨ ᠳᠤ ᠵᠥᠭᠡᠭᠡᠪᠦᠷᠢᠯᠡᠨ ᠠᠪᠠᠴᠢᠪᠠ᠃ | 7 ᠰᠠᠷ᠎ᠠ ᠶᠢᠨ 30 ᠤ ᠡᠳᠦᠷ ᠯᠢ ᠰᠠᠨ ᠵᠦᠡᠭ ᠪᠤᠷᠤᠪᠠᠯᠭᠠᠰᠤ ᠶᠢ ᠬᠠᠮᠠᠭᠠᠯᠠᠬᠤ ᠲᠠᠶᠢᠨ ᠳᠤ ᠣᠷᠣᠯᠴᠠᠪᠠ᠃ 8 ᠰᠠᠷ᠎ᠠ ᠳᠤ ᠯᠢ ᠰᠠᠨ ᠵᠦᠩ ᠮᠣᠩᠭᠤᠯ ᠬᠢᠲᠠᠳ ᠤᠨ | ᠰᠠᠯᠪᠤᠷᠢ ᠠᠩᠭᠢ ᠶᠢ ᠲᠠᠭᠠᠨ ᠦᠦᠰᠢᠨ ᠤ ᠱᠠᠷᠯᠢᠭ ᠲᠤ ᠬᠦᠷᠴᠦ ᠵᠡᠭᠦᠨ ᠦᠦᠰᠢᠨ ᠤ ᠳᠡᠭᠡᠷᠡᠮᠴᠢᠳ ᠢ ᠬᠥᠭᠡᠭᠡᠨ ᠶᠠᠪᠤᠭᠤᠯᠵᠤ᠂ ᠬᠡᠳᠦᠨ ᠭᠤᠮᠢᠡᠳᠠᠩ ᠤᠨ | ᠲᠠᠩᠨᠠᠭᠤᠯ ᠢ ᠪᠠᠷᠢᠵᠤ ᠠᠪᠤᠪᠠ᠃ 9 ᠰᠠᠷ᠎ᠠ ᠶᠢᠨ 15 ᠤ ᠡᠳᠦᠷ᠂ ᠵᠤᠤ ᠬᠤᠢ ᠱᠠᠨ ᠯᠢ ᠰᠠᠨ ᠵᠦᠩ ᠵᠡᠷᠭᠡ 25 ᠫᠠᠷᠲ᠋ᠢᠽᠠᠨ ᠠᠩᠭᠢ ᠶᠢᠨ ᠭᠡᠰᠢᠭᠦᠨ ᠢ | ᠳᠠᠭᠠᠭᠤᠯᠵᠤ᠂ ᠮᠣᠩᠭᠤᠯ ᠬᠢᠲᠠᠳ ᠤᠨ ᠰᠠᠯᠪᠤᠷᠢ ᠠᠩᠭᠢ ᠶᠢ ᠲᠠᠭᠠᠵᠦ ᠵᠠᠩᠭᠤᠳᠤ ᠣᠷᠴᠢᠮ ᠢᠶᠠᠷ ᠮᠠ ᠬᠤᠨᠭ᠌ ᠺᠦᠢ ᠶᠢᠨ ᠲᠡᠭᠡᠷᠡᠮ ᠢ ᠨᠡᠬᠡᠮᠵᠢᠯᠡᠨ ᠴᠤᠬᠢᠵᠦ᠂ 25 | ᠳᠡᠭᠡᠷᠡᠮ ᠢ ᠫᠤᠤᠳᠠᠨ ᠠᠯᠠᠪᠠ᠃ 9 ᠰᠠᠷ᠎ᠠ ᠶᠢᠨ 29 ᠤ ᠡᠳᠦᠷ᠂ ᠯᠢ ᠰᠠᠨ ᠵᠦᠡᠭ ᠮᠣᠩᠭᠤᠯ ᠬᠢᠲᠠᠳ ᠤᠨ ᠰᠠᠯᠪᠤᠷᠢ ᠠᠩᠭᠢ ᠶᠢ ᠲᠠᠭᠠᠵᠦ ᠬᠤᠩ ᠵᠢᠩ ᠲᠠᠨ ᠳᠤ | 10 ᠡᠳᠦᠷ ᠠᠮᠠᠷᠠᠨ ᠴᠡᠭᠴᠡᠯᠡᠭᠰᠡᠨ ᠤ ᠲᠠᠷᠠᠭ᠎ᠠ᠂ ᠲᠡᠮᠡᠭᠡᠳᠤ ᠶᠢᠨ ᠪᠠᠢ ᠱᠧ ᠨᠢᠦ ᠲᠠᠨ — ᠴᠠᠭᠠᠨᠪᠠᠷᠰ — ᠶᠢᠨ ᠵᠢᠢ ᠲᠠᠨ ᠳᠤ ᠬᠦᠷᠴᠦ᠂ ᠾᠧᠩ ᠱᠠᠨ ᠤ | ᠨᠤᠲᠤᠭ ᠲᠠᠭᠠᠨ ᠪᠤᠴᠠᠭᠰᠠᠨ ᠬᠤᠷᠢᠶ᠎ᠠ ᠲᠠᠢ ᠨᠢᠭᠡ ᠤᠳᠠᠭ᠎ᠠ ᠪᠠᠶᠢᠯᠳᠤᠵᠤ᠂ ᠳᠠᠶᠢᠰᠤᠨ ᠤ ᠬᠤᠶᠠᠷ ᠬᠥᠮᠥᠨ ᠢ ᠠᠯᠠᠵᠤ ᠰᠢᠷᠬᠠᠲᠤᠭᠤᠯᠪᠠ᠃ 10 ᠰᠠᠷ᠎ᠠ ᠶᠢᠨ | ᠦᠶ᠎ᠡ ᠪᠠᠷ᠂ ᠯᠢ ᠰᠠᠨ ᠵᠦᠡᠭ ᠵᠤᠤ ᠬᠤᠢ ᠱᠠᠨ᠂ ᠶᠠᠩ ᠮᠢᠩ ᠱᠠᠨ᠂ ᠼᠤᠤ ᠢᠦᠢ ᠴᠧᠩ᠂ ᠸᠠᠩ ᠽᠢ ᠰᠢᠸ ᠵᠡᠷᠭᠡ ᠫᠠᠷᠲ᠋ᠢᠽᠠᠨ ᠠᠩᠬᠢ ᠶᠢᠨ ᠭᠡᠰᠢᠭᠦᠳ ᠢ ᠲᠠᠭᠠᠵᠦ | ᠪᠤᠷᠤᠪᠠᠯᠭᠠᠰᠤᠨ ᠳᠤ ᠪᠤᠴᠠᠨ ᠢᠷᠡᠵᠦ᠂ ᠮᠢᠩ ᠱᠦᠢ ᠾᠧ ᠳᠤ ᠯᠢᠦ ᠽᠦᠩ ᠶᠣᠣ ᠵᠡᠷᠭᠡ ᠳᠦᠷᠪᠡᠨ ᠬᠥᠮᠥᠨ ᠢ ᠫᠤᠤᠳᠠᠨ ᠠᠯᠠᠵᠤ᠂ 10 ᠫᠤᠤ᠂ ᠳᠦᠷᠪᠡᠨ ᠮᠣᠷᠢ | ᠯᠠᠭᠤᠰᠠ ᠤᠯᠵᠠᠯᠠᠪᠠ᠃ 11 ᠰᠠᠷ᠎ᠠ ᠶᠢᠨ 30 ᠤ ᠡᠳᠦᠷ᠂ ᠯᠢ ᠰᠠᠨ ᠵᠥᠩ ᠮᠣᠩᠭᠤᠯ ᠬᠢᠲᠠᠳ ᠤᠨ ᠰᠠᠯᠪᠤᠷᠢ ᠠᠩᠭᠢ ᠶᠢ ᠳᠠᠭᠠᠵᠤ ᠣᠪᠣᠭᠠᠨ ᠴᠠᠶᠢᠳᠠᠮ ᠳᠤ | ᠬᠦᠷᠴᠦ᠂ ᠪᠤᠷᠤᠪᠠᠯᠭᠠᠰᠤᠨ ᠤ 17 ᠤᠷᠪᠠᠭᠰᠠᠨ ᠴᠡᠷᠢᠭ ᠢ ᠠᠮᠢᠳᠤ ᠪᠠᠷ ᠪᠠᠷᠢᠪᠴᠢᠯᠠᠪᠠ᠃ | 1948 ᠣᠨ ᠤ 2 ᠰᠠᠷ᠎ᠠ ᠶᠢᠨ 2 ᠤᠨ ᠡᠳᠦᠷ ᠠᠴᠠ 2 ᠰᠠᠷ᠎ᠠ ᠶᠢᠨ 29 ᠤ ᠡᠳᠦᠷ ᠬᠦᠷᠳᠡᠯ᠎ᠠ᠂ ᠯᠢ ᠰᠠᠨ ᠵᠦᠩ ᠤᠷᠢᠳ ᠬᠤᠵᠢᠳ ᠭᠤᠷᠪᠠᠨ ᠤᠳᠠᠭ᠎ᠠ | ᠶᠠᠩ ᠴᠠᠩ ᠬᠤᠤ᠂ ᠪᠤᠷᠤᠪᠠᠯᠭᠠᠰᠤ᠂ ᠲᠡᠬᠢᠯᠳᠤ ᠵᠠᠷᠭᠡ ᠭᠠᠵᠠᠷ ᠤᠷᠤᠨ ᠳᠤ ᠬᠦᠷᠴᠤ ᠤᠬᠠᠭᠤᠯᠭ᠎ᠠ ᠶᠢᠨ ᠬᠠᠭᠤᠳᠠᠰᠤ ᠲᠠᠷᠬᠠᠭᠠᠪᠠ᠃ 3 ᠰᠠᠷ᠎ᠠ ᠶᠢᠨ 9 ᠤ | ᠡᠳᠦᠷ ᠤᠨ ᠦᠳᠡ ᠳᠤ᠂ ᠯᠢ ᠰᠠᠨ ᠵᠦᠩ ᠪᠤᠷᠤᠪᠠᠯᠭᠠᠰᠤᠨ ᠤ ᠬᠡᠷᠡᠭ ᠡᠷᠬᠢᠯᠡᠬᠦ ᠭᠠᠵᠠᠷ ᠠᠴᠠ ᠭᠤᠤ ᠵᠢᠶᠦ᠋ᠨ ᠬᠦᠢ᠂ ᠯᠢᠦ ᠳ᠋ᠡ ᠹᠦ᠋ ᠽᠧ᠂ ᠺᠠᠩ ᠵᠢᠶᠠᠨ ᠬᠦᠸᠧ᠂ | ᠭᠤᠤ ᠢᠦᠢ ᠰᠢᠶᠠᠩ ᠨᠠᠷ ᠲᠤ ᠥᠭᠭᠦᠭᠰᠡᠨ ᠵᠠᠬᠢᠳᠠᠯ ᠢ ᠠᠪᠴᠤ᠂ ᠲᠡᠳᠡᠨ ᠳᠤ ᠵᠠᠬᠢᠳᠠᠯ ᠬᠦᠷᠭᠡᠬᠦ ᠵᠠᠮ ᠵᠠᠭᠤᠷ᠎ᠠ ᠵᠡᠭᠦᠨ ᠵᠡᠭᠡᠷᠭᠡᠨᠡᠳᠤ ᠶᠢᠨ ᠲᠣᠬᠤᠢ ᠳᠤ ᠤᠷᠪᠠᠭᠴᠢ | ᠳᠤ ᠪᠠᠷᠢᠪᠴᠢᠯᠠᠭᠳᠠᠪᠠ᠃ 3 ᠰᠠᠷ᠎ᠠ ᠶᠢᠨ 12 ᠤᠨ ᠰᠦᠨᠢ᠂ ᠯᠢ ᠰᠠᠨ ᠵᠦᠡᠭ ᠵᠠᠪᠰᠢᠶᠠᠨ ᠢ ᠲᠠᠯᠢᠮᠳᠠᠭᠤᠯᠤᠨ ᠭᠠᠷ ᠤᠨ ᠬᠦᠯᠢᠶᠡᠰᠤ ᠪᠠᠨ ᠠᠯᠳᠠᠷᠭᠠᠨ ᠲᠤᠳᠠᠭᠠᠨ | ᠭᠠᠷᠪᠠ᠃ ᠲᠤᠳᠠᠭᠠᠬᠤ ᠵᠠᠮ ᠵᠠᠭᠤᠷ᠎ᠠ ᠬᠤᠶᠢᠨ᠎ᠠ ᠠᠴᠠ ᠨᠢ ᠨᠡᠭᠡᠵᠦ ᠢᠷᠡᠭᠰᠡᠨ ᠤᠷᠪᠠᠭᠴᠢ ᠴᠡᠷᠢᠭ ᠤᠨ ᠰᠤᠮᠤᠨ ᠳᠤ ᠤᠨᠤᠭᠳᠠᠨ ᠪᠡᠶ᠎ᠡ ᠦᠷᠡᠭᠳᠡᠪᠡ᠃ ᠬᠤᠷᠢᠨ | ᠨᠢᠭᠡᠬᠡᠨ ᠨᠠᠰᠤᠲᠠᠢ ᠯᠢ ᠰᠠᠨ ᠵᠥᠩ ᠣᠲᠤᠭ ᠬᠤᠰᠢᠭᠤᠨ ᠤ ᠴᠢᠯᠦᠭᠡᠯᠡᠯᠲᠡ ᠶᠢᠨ ᠦᠢᠯᠡᠰ ᠤᠨ ᠲᠥᠯᠥᠭᠡ ᠡᠷᠬᠢᠮ ᠨᠠᠨᠳᠢᠨ ᠠᠮᠢ ᠨᠠᠰᠤ ᠪᠠᠨ ᠵᠣᠷᠢᠭᠤᠯᠪᠠ᠃ | 1951 ᠣᠨ ᠤ ᠡᠬᠢ ᠪᠠᠷ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠶᠡᠭᠡ ᠵᠤᠤ ᠠᠶᠢᠮᠠᠭ ᠤᠨ ᠨᠠᠮ ᠤᠨ ᠬᠤᠷᠢᠶ᠎ᠠ ᠠᠴᠠ ᠯᠢ ᠰᠠᠨ ᠵᠦᠩ ᠳᠤ | ᠦᠷᠡᠭᠳᠡᠭᠰᠡᠨ ᠪᠠᠭᠠᠲᠤᠷ ᠤᠨ ᠦᠨᠡᠮᠯᠡᠯ ᠣᠯᠭᠤᠵᠤ᠂ ᠳᠠᠷᠠᠭ᠎ᠠ ᠪᠠᠷ ᠨᠢ ︽ᠶᠡᠭᠡ ᠵᠤᠤ ᠠᠶᠢᠮᠠᠭ ᠤᠨ ᠬᠤᠪᠢᠰᠬᠠᠯ ᠤᠨ ᠦᠷᠡᠭᠳᠡᠭᠰᠡᠨ ᠪᠠᠭᠠᠳᠤᠷᠴᠤᠳ ᠤᠨ ᠬᠦᠰᠢᠶ᠎ᠡ︾ | ᠳᠡᠭᠡᠷ᠎ᠡ ᠯᠢ ᠰᠠᠨ ᠵᠦᠩ ᠤᠨ ᠪᠠᠭᠠᠲᠤᠷ ᠨᠡᠷ᠎ᠡ ᠶᠢ ᠰᠡᠶᠢᠯᠵᠡᠢ᠃ | | | | | | | |