ᠳ᠋ᠦᠩᠱᠧᠩ ᠲᠣᠭᠤᠷᠢᠭ ᠤᠨ 2023 ᠣᠨ ᠤ 10 ᠰᠠᠷ᠎ᠠ ᠶᠢᠨ ᠬᠥᠳᠡᠯᠮᠦᠷᠢ ᠬᠦᠴᠦᠨ ᠤ ᠪᠠᠶᠢᠴᠠᠭᠠᠯᠲᠠ ᠶᠢᠨ ᠲᠤᠭ᠎ᠠ
ᠨᠡᠶᠢᠲᠡᠯᠡᠭᠰᠡᠨ ᠴᠠᠭ᠄
2023/11/9
    ᠨᠢᠭᠡ᠂ ᠲᠤᠭ᠎ᠠ ᠪᠠᠷᠢᠮᠲᠠ ᠶᠢᠨ ᠶᠠᠰᠤ ᠴᠢᠨᠠᠷ ᠢ ᠦᠨᠡᠯᠡᠨ ᠵᠢᠱᠢᠭᠰᠡᠨ ᠪᠠᠶᠢᠳᠠᠯ     ︵ᠨᠢᠭᠡ︶ ᠥᠯᠢᠭᠡᠷ ᠡᠳ᠋ ᠢ ᠪᠠᠶᠢᠴᠠᠭᠠᠭᠰᠠᠨ ᠪᠠᠶᠢᠳᠠᠯ     1. ᠦᠯᠢᠭᠡᠷ ᠡᠳ᠋ ᠢ ᠦᠨᠳᠦᠰᠦᠨ ᠪᠠᠶᠢᠳᠠᠯ     ᠳᠤᠰ ᠰᠠᠷ᠎ᠠ ᠳᠤ 20 ᠨᠡᠶᠢᠭᠡᠮ ᠲᠣᠭᠤᠷᠢᠭ ᠤᠨ ᠪᠠᠶᠢᠴᠠᠭᠠᠪᠠᠯ ᠵᠤᠬᠢᠰᠳᠠᠢ 320 ᠡᠷᠦᠬᠡ᠂ ᠡᠭᠦᠨ ᠳᠤ 160 ᠬᠠᠭᠤᠴᠢᠨ ᠡᠷᠦᠬᠡ ᠪᠤᠯᠤᠨ᠎ᠠ᠃ ᠪᠤᠳᠠᠳᠠᠢ ᠪᠠᠶᠢᠴᠠᠭᠠᠭᠰᠠᠨ ᠨᠢ 320 ᠡᠷᠦᠬᠡ ᠪᠠᠶᠢᠵᠤ᠂ ᠬᠤᠭᠤᠰᠤᠨ ᠡᠷᠦᠬᠡ ᠦᠭᠡᠢ ᠪᠠᠶᠢᠪᠠ᠃ ᠪᠣᠳᠠᠲᠠᠢ ᠪᠠᠶᠢᠴᠠᠭᠠᠯᠲᠠ ᠳᠤ 847 ᠬᠥᠮᠥᠨ ᠪᠠᠶᠢᠵᠤ᠂ ᠳᠡᠭᠡᠷ᠎ᠡ ᠰᠠᠷ᠎ᠠ ᠶᠢᠨ  ᠬᠢ ᠠᠴᠠ 10 ᠬᠥᠮᠥᠨ ᠬᠠᠰᠤᠭᠳᠠᠵᠠᠢ᠃ ᠪᠣᠳᠠᠲᠠᠢ ᠪᠠᠶᠢᠴᠠᠭᠠᠯᠲᠠ ᠬᠢᠭᠰᠡᠨ ᠬᠥᠮᠥᠨ ᠠᠮᠠ ᠶᠢᠨ ᠳᠣᠲᠣᠷ᠎ᠠ᠂ 16 ᠨᠠᠰᠤ ᠵᠢᠴᠢ ᠲᠡᠭᠦᠨ ᠠᠴᠠ ᠳᠡᠭᠡᠭᠰᠢᠬᠢ ᠬᠥᠮᠥᠨ ᠠᠮᠠ 659 ᠪᠠᠶᠢᠵᠤ᠂ 77.8% ᠶᠢ ᠡᠵᠡᠯᠡᠵᠦ᠂ ᠠᠳᠠᠯᠢ ᠬᠤᠭᠤᠴᠠᠭᠠᠨ ᠤ ᠬᠢ ᠠᠴᠠ 2 ᠵᠠᠭᠤᠨ ᠤ ᠬᠤᠪᠢ ᠬᠠᠰᠤᠭᠳᠠᠵᠠᠢ᠃     10 ᠰᠠᠷ᠎ᠠ ᠳᠤ ᠪᠣᠳᠠᠲᠠᠢ ᠪᠠᠶᠢᠴᠠᠭᠠᠭᠰᠠᠨ ᠬᠥᠮᠥᠨ ᠠᠮᠠ ᠨᠢ 847 ᠬᠥᠮᠥᠨ ︵ᠭᠡᠷ ᠪᠦᠯᠢ ᠶᠢᠨ ᠡᠷᠦᠬᠡ 812 ᠬᠥᠮᠥᠨ᠂ ᠬᠠᠮᠲᠤ ᠨᠡᠶᠢᠳᠡ ᠶᠢᠨ ᠡᠷᠦᠬᠡ 35 ᠬᠥᠮᠥᠨ︶ ᠪᠠᠶᠢᠵᠤ᠂ ᠲᠦᠷᠦᠭᠦᠸ ᠰᠠᠷ᠎ᠠ ᠶᠢᠨ ᠬᠢ ᠠᠴᠠ 10 ᠬᠥᠮᠥᠨ ᠬᠠᠰᠤᠭᠳᠠᠵᠠᠢ᠃ ᠡᠭᠦᠨ ᠤ ᠳᠣᠲᠣᠷ᠎ᠠ 16 ᠨᠠᠰᠤᠨ ᠠᠴᠠ ᠳᠡᠭᠡᠭᠰᠢᠬᠢ ᠬᠥᠮᠥᠨ ᠠᠮᠠ ᠪᠠᠶᠢᠩᠭᠤ ᠰᠠᠭᠤᠭ᠎ᠠ ᠬᠥᠮᠥᠨ ᠠᠮᠠ 659 ︵ᠭᠡᠷ ᠪᠦᠯᠢ ᠶᠢᠨ ᠡᠷᠦᠬᠡ 624᠂ ᠬᠠᠮᠲᠤ ᠨᠡᠶᠢᠳᠡ ᠶᠢᠨ ᠡᠷᠦᠬᠡ 35︶ ᠪᠠᠶᠢᠵᠤ᠂ ᠲᠦᠷᠦᠭᠦᠦ ᠰᠠᠷ᠎ᠠ ᠶᠢᠨ  ᠬᠢ ᠠᠴᠠ 1 ᠬᠥᠮᠥᠨ ᠬᠠᠰᠤᠭᠳᠠᠵᠠᠢ᠃     10 ᠰᠠᠷ᠎ᠠ ᠳᠤ᠂ ᠪᠠᠶᠢᠩᠭᠤ ᠰᠠᠭᠤᠭ᠎ᠠ ᠭᠡᠷ ᠪᠦᠯᠢ ᠶᠢᠨ ᠡᠷᠦᠬᠡ ᠠᠮᠠ ᠶᠢᠨ ᠬᠡᠪᠴᠢᠶ᠎ᠡ ᠨᠢ 2.6 ᠬᠥᠮᠥᠨ ᠪᠠᠶᠢᠵᠤ᠂ ᠨᠢᠭᠡ ᠬᠦᠮᠦᠨ ᠲᠠᠢ ᠡᠷᠦᠬᠡ ᠶᠢᠨ ᠲᠤᠭ᠎ᠠ ᠨᠢ 58 ᠪᠠᠶᠢᠵᠤ᠂ ᠲᠦᠷᠦᠭᠦᠸ ᠰᠠᠷ᠎ᠠ ᠶᠢᠨ ᠬᠢ ᠲᠠᠢ ᠬᠠᠷᠢᠴᠠᠭᠤᠯᠪᠠᠯ 1 ᠡᠷᠦᠬᠡ ᠨᠡᠮᠡᠭᠳᠡᠵᠦ᠂ ᠪᠥᠬᠦ ᠪᠠᠶᠢᠴᠠᠭᠠᠯᠲᠠ ᠶᠢᠨ ᠡᠷᠦᠬᠡ ᠶᠢᠨ 18.1% ᠶᠢ ᠡᠵᠡᠯᠡᠪᠡ᠃ 55 ᠨᠠᠰᠤᠨ ᠠᠴᠠ ᠳᠡᠭᠡᠭᠰᠢᠬᠢ ᠬᠥᠮᠥᠨ ᠠᠮᠠ ᠲᠠᠢ ᠡᠷᠦᠬᠡ ᠶᠢᠨ ᠲᠤᠭ᠎ᠠ 69 ᠪᠠᠶᠢᠵᠤ᠂ ᠲᠦᠷᠦᠭᠦᠸ ᠰᠠᠷ᠎ᠠ ᠶᠢᠨ ᠬᠢ ᠠᠴᠠ 5 ᠬᠠᠰᠤᠭᠳᠠᠵᠤ᠂ ᠪᠥᠬᠦ ᠪᠠᠶᠢᠴᠠᠭᠠᠭᠰᠠᠨ ᠡᠷᠦᠬᠡ ᠶᠢᠨ 21.6% ᠶᠢ ᠡᠵᠡᠯᠡᠪᠡ᠂ ᠡᠭᠦᠨ ᠳᠤ᠂ 60 ᠨᠠᠰᠤᠨ ᠠᠴᠠ ᠳᠡᠭᠡᠭᠰᠢᠬᠢ ᠬᠥᠮᠥᠨ ᠠᠮᠠ ᠲᠠᠢ ᠡᠷᠦᠬᠡ ᠶᠢᠨ ᠲᠤᠭ᠎ᠠ 51 ᠪᠠᠶᠢᠵᠤ᠂ ᠲᠦᠷᠦᠭᠦᠸ ᠰᠠᠷ᠎ᠠ ᠶᠢᠨ ᠬᠢ ᠠᠴᠠ 2 ᠬᠠᠰᠤᠭᠳᠠᠵᠤ᠂ ᠪᠥᠬᠦ ᠪᠠᠶᠢᠴᠠᠭᠠᠭᠰᠠᠨ ᠡᠷᠦᠬᠡ ᠶᠢᠨ 16% ᠶᠢ ᠡᠵᠡᠯᠡᠪᠡ᠃ ᠪᠦᠬᠦᠨ ᠢᠶᠠᠷ ᠢᠶᠠᠨ ᠠᠵᠤ ᠠᠬᠤᠢ ᠶᠢᠨ ᠠᠵᠢᠯᠯᠠᠭᠠᠨ ᠤ ᠪᠤᠰᠤ ᠬᠥᠮᠥᠨ ᠠᠮᠠ ᠲᠠᠢ ᠡᠷᠦᠬᠡ ᠶᠢᠨ ᠲᠤᠭ᠎ᠠ 48 ᠪᠠᠶᠢᠵᠤ᠂ ᠲᠦᠷᠦᠭᠦᠸ ᠰᠠᠷ᠎ᠠ ᠶᠢᠨ ᠬᠢ ᠠᠴᠠ 1 ᠨᠡᠮᠡᠭᠳᠡᠵᠦ᠂ ᠪᠥᠬᠦ ᠪᠠᠶᠢᠴᠠᠭᠠᠯᠲᠠ ᠶᠢᠨ ᠡᠷᠦᠬᠡ ᠶᠢᠨ 15% ᠶᠢ ᠡᠵᠡᠯᠡᠪᠡ᠃     2. ᠦᠯᠢᠭᠡᠷ ᠡᠳ᠋ ᠢ ᠰᠣᠯᠢᠭᠰᠠᠨ ᠪᠠᠶᠢᠳᠠᠯ     10 ᠰᠠᠷ᠎ᠠ ᠳᠤ ᠪᠥᠬᠦ ᠲᠤᠭᠤᠷᠢᠭ ᠤᠨ ᠪᠠᠶᠢᠴᠠᠭᠠᠯᠲᠠ ᠶᠢᠨ ᠥᠯᠢᠭᠡᠷ ᠡᠳ᠋ ᠨᠡᠶᠢᠲᠡ 320 ᠡᠷᠦᠬᠡ ᠪᠠᠶᠢᠵᠤ᠂ ᠬᠠᠭᠤᠴᠢᠨ ᠬᠤᠭᠤᠰᠤᠨ ᠡᠷᠦᠬᠡ 0᠂ ᠰᠢᠨ᠎ᠡ ᠪᠠ ᠰᠤᠯᠢᠭᠰᠠᠨ ᠡᠷᠦᠬᠡ 22᠂ ᠶᠡᠷᠦᠩᠬᠡᠢ ᠳᠡᠭᠡᠨ ᠡᠷᠦᠬᠡ ᠰᠤᠯᠢᠭᠰᠠᠨ ᠨᠣᠷᠮ᠎ᠠ ᠨᠢ ᠳᠡᠭᠡᠷ᠎ᠡ ᠰᠠᠷ᠎ᠠ ᠶᠢᠨ ᠬᠢ ᠠᠴᠠ 1 ᠡᠷᠦᠬᠡ ᠨᠡᠮᠡᠭᠳᠡᠵᠡᠢ᠂ ᠡᠷᠦᠬᠡ ᠰᠤᠯᠢᠭᠰᠠᠨ ᠭᠤᠣᠯ ᠰᠢᠯᠲᠠᠭᠠᠨ ᠨᠢ᠄ ᠭᠡᠷ ᠪᠠᠶᠢᠰᠢᠩ ᠢ ᠬᠤᠭᠤᠰᠤᠨ ᠲᠠᠯᠪᠢᠭᠰᠠᠨ ᠳᠤ ᠪᠣᠶ᠃     3. ᠠᠵᠢᠯ ᠣᠯᠣᠭᠰᠠᠨ ᠬᠥᠮᠥᠨ ᠠᠮᠠ ᠶᠢᠨ ᠪᠦᠷᠢᠯᠳᠦᠯ     10 ᠰᠠᠷ᠎ᠠ ᠳᠤ ᠳ᠋ᠦᠩᠱᠧᠩ ᠲᠣᠭᠤᠷᠢᠭ ᠲᠤ ᠠᠵᠢᠯ ᠣᠯᠣᠭᠰᠠᠨ ᠬᠥᠮᠥᠨ ᠠᠮᠠ 435 ᠪᠠᠶᠢᠵᠤ᠂ ᠡᠭᠦᠨ ᠤ ᠳᠣᠲᠣᠷ᠎ᠠ ᠬᠤᠲᠠ ᠪᠠᠯᠭᠠᠰᠤᠨ ᠳᠤ ᠠᠵᠢᠯ ᠣᠯᠣᠭᠰᠠᠨ ᠬᠥᠮᠥᠨ ᠠᠮᠠ 435 ᠪᠠᠶᠢᠪᠠ᠃ ᠬᠦᠢᠰᠦ ᠶᠢᠨ ᠢᠯᠭᠠᠯ ᠢᠶᠠᠷ ᠨᠢ ᠦᠵᠡᠪᠡᠯ᠂ ᠠᠵᠢᠯ ᠣᠯᠣᠭᠰᠠᠨ ᠡᠷᠡᠭᠲᠡᠢ 271 ᠪᠠᠶᠢᠵᠤ᠂ ᠪᠥᠬᠦ ᠠᠵᠢᠯ ᠣᠯᠣᠭᠰᠠᠨ ᠬᠥᠮᠥᠨ ᠤ 63% ᠶᠢ ᠡᠵᠡᠯᠡᠵᠦ᠂ ᠠᠵᠢᠯ ᠣᠯᠣᠭᠰᠠᠨ ᠡᠮᠡᠭᠲᠡᠢ 164 ᠪᠠᠶᠢᠵᠤ᠂ ᠪᠥᠬᠦ ᠠᠵᠢᠯ ᠣᠯᠣᠭᠰᠠᠨ ᠬᠥᠮᠥᠨ ᠤ 37% ᠶᠢ ᠡᠵᠡᠯᠡᠵᠦ ᠪᠠᠶᠢᠨ᠎ᠠ︔ ᠨᠠᠰᠤ ᠪᠠᠷ ᠨᠢ ᠠᠪᠴᠤ ᠦᠵᠡᠪᠡᠯ᠂ 25 — 54 ᠨᠠᠰᠤ ᠪᠣᠯ ᠭᠤᠣᠯ ᠠᠵᠢᠯ ᠤᠯᠤᠭᠰᠠᠳ᠂ ᠨᠡᠶᠢᠲᠡ 335 ᠬᠥᠮᠥᠨ᠂ ᠪᠥᠬᠦ ᠠᠵᠢᠯ ᠣᠯᠣᠭᠰᠠᠨ ᠬᠥᠮᠥᠨ ᠤ 77% ᠶᠢ ᠡᠵᠡᠯᠡᠵᠦ ᠪᠣᠶ᠃     4. ᠠᠵᠢᠯ ᠠᠯᠳᠠᠭᠰᠠᠨ ᠬᠥᠮᠥᠨ ᠠᠮᠠ ᠶᠢᠨ ᠪᠦᠷᠢᠯᠳᠦᠯ     10 ᠰᠠᠷ᠎ᠠ ᠳᠤ ᠪᠥᠬᠦ ᠲᠤᠭᠤᠷᠢᠭ ᠲᠤ 15 ᠬᠥᠮᠥᠨ ᠠᠵᠢᠯ ᠠᠯᠳᠠᠵᠤ᠂ ᠲᠦᠷᠦᠭᠦᠸ ᠰᠠᠷ᠎ᠠ ᠶᠢᠨ ᠬᠢ ᠠᠴᠠ 2 ᠬᠥᠮᠥᠨ ᠨᠡᠮᠡᠭᠳᠡᠵᠡᠢ᠃ ᠡᠭᠦᠨ ᠤ ᠳᠣᠲᠣᠷ᠎ᠠ ᠬᠤᠲᠠ ᠪᠠᠯᠭᠠᠰᠤᠨ ᠤ ᠠᠵᠢᠯ ᠠᠯᠳᠠᠭᠰᠠᠨ ᠬᠥᠮᠥᠨ ᠤ ᠲᠤᠭ᠎ᠠ 15 ᠪᠤᠯᠤᠨ᠎ᠠ᠃ ᠡᠭᠦᠨ ᠤ ᠭᠤᠣᠯ ᠰᠢᠯᠲᠠᠭᠠᠨ ᠨᠢ ᠣᠳᠣᠬᠠᠨ ᠤ ᠠᠵᠢᠯ ᠳᠠᠭᠠᠨ ᠳᠤᠷ᠎ᠠ ᠦᠭᠡᠶᠢᠴᠡᠵᠦ᠂ ᠰᠢᠨ᠎ᠡ ᠠᠵᠢᠯ ᠡᠷᠢᠵᠤ ᠪᠤᠢ᠃     5. ᠭᠤᠣᠯᠳᠠᠯᠭ᠎ᠠ ᠲᠠᠢ ᠬᠢᠨᠠᠨ ᠬᠠᠷᠭᠤᠭᠤᠯᠬᠤ ᠭᠦᠢᠴᠡᠳᠬᠡᠯ ᠲᠤᠭ᠎ᠠ     ︽ᠠᠵᠢᠯ ᠡᠷᠢᠬᠦ︾ ᠬᠤᠪᠢ ᠶᠢᠨ ᠵᠢᠩ ᠨᠢ 6.73% ᠪᠠᠶᠢᠵᠤ᠂ ᠲᠦᠷᠦᠭᠦᠸ ᠰᠠᠷ᠎ᠠ ᠶᠢᠨ ᠬᠢ ᠠᠴᠠ 0.87 ᠵᠠᠭᠤᠨ ᠤ ᠬᠤᠪᠢ ᠨᠡᠮᠡᠭᠳᠡᠵᠡᠢ᠂ ᠲᠤᠭ᠎ᠠ ᠪᠠᠷᠢᠮᠲᠠ ᠶᠢᠨ ᠬᠤᠪᠢᠷᠠᠯᠲᠠ ᠶᠢᠨ ᠭᠤᠣᠯ ᠰᠢᠯᠲᠠᠭᠠᠨ ᠪᠣᠯ ᠨᠢᠭᠡ ᠳᠤ ᠣᠳᠣᠬᠠᠨ ᠤ ᠠᠵᠢᠯ ᠳᠤ ᠬᠠᠨᠤᠮᠵᠢ ᠦᠭᠡᠢ᠂ ᠰᠢᠨ᠎ᠡ ᠠᠵᠢᠯ ᠡᠷᠢᠬᠦ ᠰᠠᠨᠠᠭᠠᠰᠢᠷᠠᠯ ᠲᠠᠢ᠃ ᠬᠤᠶᠠᠷ ᠲᠤ ᠣᠶᠤᠲᠠᠳ ᠲᠡᠭᠦᠰᠴᠦ ᠲᠣᠰ ᠲᠣᠰ ᠤᠨ ᠠᠵᠢᠯᠲᠠᠨ ᠡᠯᠰᠡᠬᠦ ᠬᠤᠷᠠᠯ ᠳᠤ ᠤᠷᠤᠯᠴᠠᠵᠤ ᠪᠤᠢ᠃     ︵ᠬᠤᠶᠠᠷ︶ ᠭᠤᠣᠯ ᠭᠦᠢᠴᠡᠳᠬᠡᠬᠦ ᠲᠤᠭ᠎ᠠ ᠶᠢᠨ ᠬᠡᠯᠪᠡᠯᠵᠡᠯ ᠤᠨ ᠪᠠᠶᠢᠳᠠᠯ     1. ᠬᠥᠳᠡᠯᠮᠦᠷᠢ ᠳᠤ ᠣᠷᠣᠯᠴᠠᠭᠰᠠᠨ ᠨᠤᠷᠮ᠎ᠠ ᠶᠢᠨ ᠪᠠᠶᠢᠳᠠᠯ     ᠲᠣᠰ ᠰᠠᠷ᠎ᠠ ᠳᠤ ᠳ᠋ᠦᠩᠱᠧᠩ ᠲᠣᠭᠤᠷᠢᠭ ᠨᠡᠶᠢᠲᠡ 450 ᠠᠵᠤ ᠠᠬᠤᠢ ᠶᠢᠨ ᠬᠥᠮᠥᠨ ᠢ ᠪᠠᠶᠢᠴᠠᠭᠠᠵᠤ᠂ ᠬᠥᠳᠡᠯᠮᠦᠷᠢ ᠳᠤ ᠣᠷᠣᠯᠴᠠᠭᠰᠠᠨ ᠨᠣᠷᠮ᠎ᠠ ᠨᠢ 68.3% ᠪᠠᠶᠢᠵᠤ᠂ ᠲᠦᠷᠦᠭᠦᠸ ᠰᠠᠷ᠎ᠠ ᠶᠢᠨ ᠬᠢ ᠠᠴᠠ 0.7 ᠵᠠᠭᠤᠨ ᠤ ᠬᠤᠪᠢ ᠬᠠᠰᠤᠭᠳᠠᠵᠤ᠂ ᠠᠵᠤ ᠠᠬᠤᠢ ᠶᠢᠨ ᠪᠤᠰᠤ ᠬᠦᠮᠦᠨ ᠠᠮᠠ 209᠂ ᠲᠦᠷᠦᠭᠦᠸ ᠰᠠᠷ᠎ᠠ ᠶᠢᠨ ᠬᠢ ᠠᠴᠠ 5 ᠬᠥᠮᠥᠨ ᠨᠡᠮᠡᠭᠳᠡᠵᠡᠢ᠃     2. ᠠᠵᠢᠯ ᠠᠯᠳᠠᠭᠰᠠᠨ ᠬᠥᠮᠥᠨ ᠠᠮᠠ ᠶᠢᠨ ᠪᠠᠶᠢᠳᠠᠯ     2023 ᠣᠨ ᠤ 10 ᠰᠠᠷ᠎ᠠ ᠳᠤ ᠨᠡᠶᠢᠲᠡ 15 ᠬᠥᠮᠥᠨ ᠠᠵᠢᠯ ᠠᠯᠳᠠᠵᠤ᠂ ᠳᠡᠭᠡᠷ᠎ᠡ ᠰᠠᠷ᠎ᠠ ᠶᠢᠨ ᠬᠢ ᠠᠴᠠ 2 ᠬᠥᠮᠥᠨ ᠨᠡᠮᠡᠭᠳᠡᠵᠡᠢ᠃ ᠠᠵᠢᠯ ᠠᠯᠳᠠᠯᠲᠠ ᠶᠢᠨ ᠨᠣᠷᠮ᠎ᠠ 3.3% ᠪᠠᠶᠢᠵᠤ᠂ ᠲᠦᠷᠦᠭᠦᠸ ᠰᠠᠷ᠎ᠠ ᠶᠢᠨ ᠬᠢ ᠠᠴᠠ 0.4 ᠵᠠᠭᠤᠨ ᠤ ᠬᠤᠪᠢ ᠨᠡᠮᠡᠭᠳᠡᠵᠡᠢ᠃     3. ᠭᠠᠷᠠᠭ ᠤᠨ ᠠᠵᠢᠯᠯᠠᠬᠤ ᠴᠠᠭ     2023 ᠣᠨ ᠤ 10 ᠰᠠᠷ᠎ᠠ ᠳᠤ ᠠᠵᠢᠯ ᠣᠯᠣᠭᠰᠠᠳ ᠤᠨ ᠭᠠᠷᠠᠭ ᠤᠨ ᠳᠤᠮᠳᠠᠴᠢ ᠠᠵᠢᠯᠯᠠᠬᠤ ᠴᠠᠭ ᠨᠢ 50.8 ᠴᠠᠭ ᠪᠣᠯᠣᠨ᠎ᠠ᠃ ᠡᠭᠦᠨ ᠳᠤ ᠡᠷᠡᠭᠲᠡᠢ 52.9 ᠴᠠᠭ᠂ ᠡᠮᠡᠭᠲᠡᠢ 46.5 ᠴᠠᠭ ᠪᠠᠶᠢᠵᠤ᠂ ᠳᠡᠭᠡᠷ᠎ᠡ ᠰᠠᠷ᠎ᠠ ᠶᠢᠨ ᠬᠢ ᠠᠴᠠ 0.1 ᠴᠠᠭ ᠬᠠᠰᠤᠭᠳᠠᠵᠠᠢ᠂ ᠡᠭᠦᠨ ᠤ ᠳᠣᠲᠣᠷ᠎ᠠ ᠡᠷᠡᠭᠲᠡᠢ 0.9 ᠴᠠᠭ ᠬᠠᠰᠤᠭᠳᠠᠵᠤ᠂ ᠡᠮᠡᠭᠲᠡᠢ  1.7 ᠴᠠᠭ ᠨᠡᠮᠡᠭᠳᠡᠵᠡᠢ᠃     4. ᠵᠠᠯᠭᠠᠭ᠎ᠠ ᠪᠠᠷ ᠠᠵᠢᠯ ᠠᠯᠳᠠᠭᠰᠠᠨ ᠴᠠᠭ     2023 ᠣᠨ ᠤ 10 ᠰᠠᠷ᠎ᠠ ᠳᠤ 15 ᠬᠦᠮᠦᠨ ᠠᠵᠢᠯ ᠠᠯᠳᠠᠵᠤ᠂ 1 ᠰᠠᠷ᠎ᠠ ᠠᠵᠢᠯ ᠠᠯᠳᠠᠭᠰᠠᠨ ᠬᠦᠮᠦᠨ ᠤ ᠲᠤᠭ᠎ᠠ 6᠂ 2-3 ᠰᠠᠷ᠎ᠠ ᠠᠵᠢᠯ ᠠᠯᠳᠠᠭᠰᠠᠨ ᠬᠥᠮᠥᠨ ᠤ ᠲᠤᠭ᠎ᠠ 9 ᠪᠠᠶᠢᠨ᠎ᠠ᠃       ᠬᠤᠶᠠᠷ᠂ ᠠᠵᠢᠯ ᠣᠯᠭᠤᠯᠲᠠ ᠶᠢᠨ ᠪᠠᠶᠢᠳᠠᠯ ᠤᠨ ᠵᠠᠳᠠᠯᠤᠯᠲᠠ     1. ᠳ᠋ᠦᠩᠱᠧᠩ ᠲᠣᠭᠤᠷᠢᠭ ᠤᠨ ᠠᠵᠢᠯ ᠦᠢᠯᠡᠰ ᠤᠨ ᠨᠢᠭᠡᠴᠡ ᠳᠡᠭᠡᠳᠦ ᠲᠠᠰ ᠳᠠᠪᠬᠤᠷᠭ᠎ᠠ ᠶᠢᠨ ᠴᠢᠳᠠᠪᠤᠷᠢᠲᠠᠨ ᠪᠠ ᠪᠠᠴᠢᠮ ᠳᠤᠲᠠᠭᠳᠠᠵᠤ ᠪᠠᠶᠢᠭ᠎ᠠ ᠲᠤᠰᠬᠠᠢ ᠮᠡᠷᠭᠡᠵᠢᠯ ᠤᠨ ᠴᠢᠳᠠᠪᠤᠷᠢᠲᠠᠨ ᠢ 50 ᠨᠡᠷᠡᠰ ᠤᠷᠢᠨ ᠡᠯᠰᠡᠪᠡ᠃     ᠳ᠋ᠦᠩᠱᠧᠩ ᠲᠣᠭᠤᠷᠢᠭ ᠢᠯᠡ ᠪᠠᠷ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠨ ᠪᠠᠶᠢᠷᠢ ᠶᠢ 306 ᠡᠯᠰᠡᠵᠤ᠂ ᠡᠭᠦᠨ ᠳᠤ ᠬᠤᠲᠠ ᠪᠠᠯᠭᠠᠰᠤᠨ ᠤ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠨ ᠪᠠᠶᠢᠷᠢ 305᠂ ᠬᠥᠳᠡᠭᠡ ᠲᠣᠰᠬᠤᠨ ᠤ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠨ ᠪᠠᠶᠢᠷᠢ 1 ᠪᠣᠶ᠃     2. ᠳ᠋ᠦᠩᠱᠧᠩ ᠲᠣᠭᠤᠷᠢᠭ 210 ᠪᠠᠭᠰᠢ ᠪᠠ ᠨᠢᠭᠲᠠᠯᠠᠨ ᠪᠤᠳᠤᠭᠴᠢ ᠡᠯᠰᠡᠵᠦ᠂ ᠳ᠋ᠦᠩᠱᠧᠩ ᠲᠣᠭᠤᠷᠢᠭ ᠤᠨ ᠡᠷᠦᠬᠡ ᠠᠮᠠ ᠶᠢᠨ ᠲᠠᠩᠰᠠ ᠲᠠᠢ 60 ᠪᠠᠭᠰᠢ᠂ ᠰᠤᠷᠭᠠᠨ ᠬᠥᠮᠦᠵᠢᠯ ᠤᠨ ᠰᠢᠰᠲ᠋ᠧᠮ ᠤᠨ ᠠᠯᠪᠠᠨ ᠠᠴᠠ ᠡᠷᠭᠢᠯᠡᠭᠰᠡᠨ ᠰᠤᠷᠭᠠᠭᠤᠯᠢ ᠬᠡᠦᠬᠡᠳ ᠤᠨ ᠴᠡᠴᠡᠷᠯᠢᠭ 140 ᠪᠠᠭᠰᠶᠢ ᠡᠯᠰᠡᠵᠦ᠂ ᠳᠤᠮᠳᠠᠳᠤ ᠪᠠᠭ᠎ᠠ ᠰᠤᠷᠭᠠᠭᠤᠯᠢ ᠬᠡᠦᠬᠡᠳ ᠤᠨ ᠴᠡᠴᠡᠷᠯᠢᠭ ᠤᠨ ᠨᠢᠭᠲᠠᠯᠠᠨ ᠪᠤᠳᠤᠭᠴᠢ ᠶᠢ 10 ᠶᠢ ᠢᠯᠡ ᠪᠠᠷ ᠡᠯᠰᠡᠪᠡ᠃     3. ᠥᠪᠥᠷ ᠮᠣᠩᠭᠤᠯ ᠤᠨ ᠨᠡᠭᠦᠷᠡᠰᠦᠨ ᠤ ᠭᠠᠵᠠᠷ ᠰᠢᠨᠵᠢᠯᠡᠭᠡᠨ ᠤ ᠬᠠᠶᠢᠨ ᠪᠠᠶᠢᠴᠠᠭᠠᠯᠲᠠ ︵ᠪᠦᠯᠦᠭᠯᠡᠯ︶ ᠶᠢᠨ ᠬᠢᠵᠠᠭᠠᠷᠲᠤ ᠺᠣᠮᠫᠠᠨᠢ ᠪᠠ ᠣᠷᠳᠣᠰ ᠬᠤᠲᠠ ᠶᠢᠨ ᠳ᠋ᠦᠩᠱᠧᠩ ᠲᠣᠭᠤᠷᠢᠭ ᠤᠨ ᠠᠵᠢᠯ ᠣᠯᠭᠤᠯᠲᠠ ᠶᠢᠨ ᠭᠤᠣᠯᠴᠢᠯᠠᠨ ᠬᠠᠮᠢᠶᠠᠷᠬᠤ ᠰᠠᠯᠠᠭ᠎ᠠ ᠮᠥᠴᠢᠷ ᠤᠨ ᠵᠤᠯᠭᠠᠯᠴᠠᠭ᠎ᠠ ᠪᠠᠷ ᠳᠡᠮᠵᠢᠨ᠂ ᠶᠡᠭᠡ ᠰᠤᠷᠭᠠᠭᠤᠯᠢ ᠶᠢᠨ ᠵᠢᠩᠬᠢᠨᠢ ᠠᠩᠭᠢ ᠳᠡᠬᠦᠰᠦᠭᠰᠡᠳ ᠪᠤᠶᠤ ᠳᠡᠬᠦᠰᠬᠦ ᠭᠡᠵᠤ ᠪᠠᠶᠢᠭ᠎ᠠ ᠰᠤᠷᠤᠭᠴᠢᠳ ᠲᠤ ᠳᠠᠳᠤᠯᠭ᠎ᠠ ᠶᠢᠨ ᠠᠵᠢᠯ ᠤᠨ ᠪᠠᠶᠢᠷᠢ ᠬᠠᠩᠭᠠᠨ᠎ᠠ᠃ 2021 ᠣᠨ᠂ 2022 ᠣᠨ ᠳᠤ ᠶᠡᠭᠡ ᠰᠤᠷᠭᠠᠭᠤᠯᠢ ᠶᠢᠨ ᠵᠢᠩᠬᠢᠨᠢ ᠠᠩᠭᠢ ᠵᠢᠴᠢ ᠲᠡᠭᠦᠨ ᠠᠴᠠ ᠳᠡᠭᠡᠭᠰᠢᠬᠢ ᠰᠤᠷᠤᠯᠭ᠎ᠠ ᠶᠢᠨ ᠨᠠᠮᠲᠠᠷ ᠲᠠᠢ ᠳᠡᠬᠦᠰᠦᠭᠰᠡᠳ᠂ ᠰᠤᠷᠤᠭᠰᠠᠨ ᠳᠤᠰᠬᠠᠢ ᠮᠡᠷᠭᠡᠵᠢᠯ ᠨᠢ ᠺᠣᠮᠫᠠᠨᠢ ᠶᠢᠨ ᠲᠤᠰᠬᠠᠢ ᠮᠡᠷᠭᠡᠵᠢᠯ ᠲᠠᠢ ᠬᠠᠷᠠᠭᠠᠯᠵᠠᠭᠰᠠᠨ ᠪᠠᠶᠢᠪᠠᠯ ᠴᠥᠮ ᠺᠣᠮᠫᠠᠨᠢ ᠳᠤ ᠳᠠᠳᠤᠯᠭ᠎ᠠ ᠶᠢᠨ ᠭᠤᠶᠤᠴᠢᠯᠠᠯ ᠬᠢᠵᠤ ᠪᠣᠯᠣᠨ᠎ᠠ᠃ ᠳᠠᠳᠤᠯᠭ᠎ᠠ ᠶᠢᠨ ᠬᠤᠭᠤᠴᠠᠭᠠᠨ ᠳᠤ᠂ ᠠᠮᠢᠳᠤᠷᠠᠯ ᠤᠨ ᠨᠥᠬᠦᠪᠦᠷᠢ ︵ᠦᠨᠳᠦᠰᠦᠨ ᠴᠠᠯᠢᠩ 2000 ᠲᠥᠭᠦᠷᠢᠭ + ᠠᠵᠢᠯ ᠤᠨ ᠪᠦᠲᠦᠮᠵᠢ ᠶᠢᠨ ᠴᠠᠯᠢᠩ︶ ᠤᠯᠭᠤᠨ᠎ᠠ᠂ ᠺᠣᠮᠫᠠᠨᠢ ᠠᠴᠠ ᠬᠤᠨᠤᠭ ᠤᠨ ᠭᠠᠵᠠᠷ ᠬᠠᠩᠭᠠᠬᠤ ᠶᠢᠨ ᠬᠠᠮᠲᠤ ᠬᠠᠮᠢᠶ᠎ᠠ ᠪᠦᠬᠦᠢ ᠪᠣᠯᠵᠤᠭ᠎ᠠ ᠶᠢᠨ ᠪᠢᠴᠢᠭ ᠲᠣᠭᠲᠠᠵᠤ᠂ ᠳᠠᠳᠤᠯᠭ᠎ᠠ ᠶᠢᠨ ᠠᠵᠢᠯ ᠳᠠᠭᠤᠰᠤᠭᠰᠠᠨ ᠤ ᠳᠠᠷᠠᠭ᠎ᠠ᠂ ᠰᠢᠯᠢᠳᠡᠭ ᠳᠠᠳᠤᠯᠭ᠎ᠠ ᠬᠢᠭᠰᠡᠳ ᠠᠵᠢᠯ ᠤᠨ ᠺᠣᠮᠫᠠᠨᠢ ᠳᠤ ᠣᠷᠣᠬᠤ ᠪᠠᠷ ᠭᠤᠶᠤᠴᠢᠯᠠᠪᠠᠯ᠂ ᠤᠷᠢᠳ ᠢᠶᠠᠷ ᠺᠣᠮᠫᠠᠨᠢ ᠶᠢᠨ ᠵᠢᠩᠬᠢᠨᠢ ᠠᠵᠢᠯᠲᠠᠨ ᠪᠣᠯᠵᠤ᠂ ᠠᠵᠤ ᠠᠬᠤᠶᠢᠯᠠᠯ ᠤᠨ ︽ᠲᠠᠪᠤᠨ ᠳᠠᠭᠠᠳᠬᠠᠯ ᠨᠢᠭᠡ ᠮᠥᠩᠭᠦ︾ ᠶᠢᠨ ᠬᠥᠳᠡᠯᠮᠦᠷᠢ ᠶᠢᠨ ᠬᠠᠷᠠᠭᠠᠯᠵᠠᠯ ᠢ ᠭᠥᠷᠳᠡᠨ᠎ᠡ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ