ᠴᠠᠰᠤ ᠲᠠᠢ ᠡᠳᠤᠷ ᠤᠨ ᠡᠷᠡᠬᠦᠯ ᠮᠡᠨᠳᠤ ᠶᠢᠨ ᠰᠠᠨᠠᠭᠤᠯᠤᠮᠵᠢ
ᠨᠡᠶᠢᠲᠡᠯᠡᠭᠰᠡᠨ ᠴᠠᠭ᠄
2023/11/22
      ᠭᠠᠳᠠᠭᠰᠢ ᠭᠠᠷᠬᠤ ᠳᠤ ᠪᠠᠨ ᠵᠠᠮ ᠤᠨ ᠬᠠᠯᠳᠤᠷᠢᠭ᠎ᠠ ᠠᠴᠠ ᠬᠢᠴᠢᠶᠡᠨ᠎ᠡ᠃ ᠴᠠᠰᠤ ᠲᠠᠢ ᠡᠳᠤᠷ ᠵᠠᠮ ᠬᠠᠯᠳᠤᠷᠢᠭ᠎ᠠ ᠶᠡᠬᠡᠳᠡᠢ ᠪᠤᠯᠬᠤᠷ ᠭᠠᠳᠠᠭᠰᠢ ᠭᠠᠷᠬᠤ ᠳᠤ ᠪᠠᠨ ᠭᠤᠯᠭᠤᠬᠤ ᠠᠴᠠ ᠰᠡᠷᠬᠡᠶᠢᠯᠡᠬᠦ ᠱᠠᠬᠠᠢ ᠡᠮᠦᠰᠴᠤ᠂ ᠳᠡᠷᠬᠡ ᠤᠨᠤᠭ᠎ᠠ ᠠᠴᠠ ᠬᠢᠴᠢᠶᠡᠬᠡᠷᠡᠢ᠃       ᠳᠠᠷᠢᠬᠢ ᠴᠢᠰᠤᠨ ᠰᠤᠳᠠᠯ ᠤᠨ ᠡᠪᠡᠳᠴᠢᠨ ᠵᠡᠷᠬᠡ ᠠᠷᠬᠠᠭ ᠡᠪᠡᠳᠴᠢᠨ ᠲᠠᠢ ᠬᠦᠮᠦᠰ ᠳᠤᠯᠠᠭᠠᠯᠠᠬᠤ ᠶᠢ ᠠᠩᠬᠠᠷᠴᠤ᠂ ᠵᠤᠬᠢᠬᠤ ᠬᠡᠮᠵᠢᠶ᠎ᠡ ᠪᠠᠷ ᠪᠡᠶ᠎ᠡ ᠮᠠᠬᠠᠪᠤᠳ ᠢᠶᠠᠨ ᠪᠤᠯᠪᠠᠰᠤᠷᠠᠬᠤ ᠶᠢᠨ ᠬᠠᠮᠳᠤ ᠭᠠᠳᠠᠭᠰᠢ ᠭᠠᠷᠬᠤ ᠪᠠᠨ ᠪᠠᠭᠠᠰᠬᠠᠪᠠᠯ ᠵᠤᠬᠢᠨ᠎ᠠ᠃       ᠠᠭᠤᠷ ᠠᠮᠢᠰᠬᠤᠯ ᠬᠦᠢᠳᠡᠷᠡᠭᠰᠡᠨ ᠠᠴᠠ ᠪᠤᠯᠵᠤ ᠤᠯᠠᠩᠬᠢ ᠬᠦᠮᠦᠰ ᠡᠨᠧᠷᠬᠢ ᠡᠯᠪᠡᠭ ᠠᠭᠤᠯᠤᠭᠰᠠᠨ ᠢᠳᠡᠬᠡᠨ ᠢ ᠠᠷᠪᠢᠨ ᠢᠳᠡᠵᠤ᠂ ᠬᠤᠳᠤᠭᠤᠳᠤ ᠬᠡᠳᠡᠰᠤᠨ ᠤ ᠰᠢᠩᠬᠡᠬᠡᠯᠳᠡ ᠶᠢᠨ ᠠᠵᠢᠯᠯᠠᠭ᠎ᠠ ᠶᠢ ᠬᠦᠨᠳᠤᠷᠡᠬᠦᠯᠦᠨ᠂ ᠰᠢᠩᠬᠡᠬᠡᠯᠳᠡ ᠮᠠᠭᠤᠳᠠᠬᠤ ᠪᠤᠯᠬᠤᠷ ᠳᠠᠭᠠᠷᠠᠵᠤ ᠵᠢᠩᠬᠢᠨᠡᠬᠦ ᠠᠴᠠ ᠬᠢᠴᠢᠶᠡᠪᠡᠯ ᠵᠤᠬᠢᠨ᠎ᠠ᠃       ᠬᠤᠪᠴᠠᠰᠤ ᠬᠤᠨᠠᠷ ᠢᠶᠠᠨ ᠵᠤᠬᠢᠳᠠᠢ ᠰᠤᠩᠭᠤᠵᠤ ᠡᠮᠦᠰᠦᠨ᠎ᠡ᠃ ᠴᠠᠰᠤ ᠲᠠᠢ ᠡᠳᠤᠷ ᠠᠭᠠᠷ ᠤᠨ ᠳᠤᠯᠠᠭᠠᠨ ᠳᠤᠷᠤᠭᠰᠢᠯᠠᠳᠠᠭ ᠠᠴᠠ ᠳᠤᠯᠠᠭᠠᠨ ᠳᠠᠭᠠᠯᠠᠮᠵᠢᠳᠡᠢ ᠬᠤᠪᠴᠠᠰᠤ ᠶᠢ ᠰᠤᠩᠭᠤᠨ᠂ ᠤᠨᠴᠠᠭᠠᠶᠢᠯᠠᠨ ᠭᠠᠷ᠂ ᠨᠢᠭᠤᠷ ᠢᠶᠠᠨ ᠳᠤᠯᠠᠭᠠᠯᠠᠬᠤ ᠶᠢ ᠠᠩᠬᠠᠷᠬᠤ ᠬᠡᠷᠡᠭᠳᠡᠢ᠃       ᠬᠦᠯ ᠳᠠᠭᠠᠷᠠᠪᠠᠯ ᠠᠮᠠᠷᠬᠠᠨ ᠬᠢᠮᠤᠷᠠᠬᠤ ᠵᠡᠷᠬᠡ ᠢᠯᠡᠷᠡᠯ ᠭᠠᠷᠤᠨ᠎ᠠ᠃ ᠡᠩ ᠤᠨ ᠦᠶ᠎ᠡ ᠳᠤ ᠢᠯᠡᠬᠦᠬᠡᠨ ᠠᠯᠬᠤᠵᠤ᠂ ᠬᠦᠯ ᠤᠨ ᠴᠢᠰᠤᠨ ᠤ ᠡᠷᠬᠢᠯᠳᠡ ᠶᠢ ᠰᠠᠶᠢᠵᠢᠷᠠᠭᠤᠯᠤᠨ᠎ᠠ᠃ ᠤᠷᠤᠢ ᠳᠤ ᠪᠠᠨ 40 ᠭᠷᠠᠳᠦ᠋ᠰ ᠤᠷᠴᠢᠮ  ᠤᠨ ᠬᠠᠯᠠᠭᠤᠨ ᠤᠰᠤᠨ ᠳᠤ 15— 20 ᠮᠢᠨᠦ᠋ᠲ ᠬᠦᠯ ᠢᠶᠠᠨ ᠳᠡᠪᠳᠤᠬᠡᠪᠡᠯ ᠳᠤᠬᠢᠷᠠᠮᠵᠢᠳᠡᠢ᠃       ᠢᠳᠡᠬᠡᠨ ᠤᠮᠳᠠᠭᠠᠨ ᠢᠶᠠᠨ ᠵᠤᠬᠢᠴᠠᠭᠤᠯᠤᠨ᠎ᠠ᠃ ᠺᠠᠯᠼ ᠪᠠ ᠳᠠᠮᠤᠷ ᠡᠯᠪᠡᠭ ᠠᠭᠤᠯᠤᠭᠰᠠᠨ ᠢᠳᠡᠬᠡᠨ ᠢ ᠢᠯᠡᠬᠦᠬᠡᠨ ᠢᠳᠡᠪᠡᠯ ᠵᠤᠬᠢᠨ᠎ᠠ᠃ ᠪᠦᠯᠢᠶᠡᠨ ᠬᠠᠯᠠᠭᠤᠨ ᠢᠳᠡᠬᠡᠨ᠂ ᠵᠢᠮᠢᠰ ᠪᠠ ᠰᠢᠮ᠎ᠡ ᠰᠤᠷᠭᠤᠭ ᠢᠳᠡᠰᠢᠨ ᠨᠤᠭᠤᠭᠠᠨ ᠤ ᠺᠦᠢᠯ ᠢ ᠢᠯᠡᠬᠦᠬᠡᠨ ᠢᠳᠡᠨ᠎ᠡ᠃
ᠢᠷᠡᠯᠲᠡ᠄ ᠦᠪᠦᠷ ᠮᠤᠩᠭᠤᠯ ᠤᠨ ᠡᠮᠡᠭᠳᠡᠶᠢᠴᠤᠳ ᠰᠡᠳᠬᠦᠯ