| | | ᠣᠭ ᠨᠡᠷ᠎ᠡ ᠪᠠᠭᠠᠲᠣᠷᠴᠢᠨ᠂ ᠲᠣᠭᠳᠠᠬᠤ᠂ ᠡᠷᠭᠦᠭᠰᠡᠨ ᠨᠡᠷ᠎ᠡ ᠷᠥᠸᠧ ᠢᠦᠢ᠂ ᠮᠣᠩᠭᠤᠯ ᠦᠨᠳᠦᠰᠦᠲᠡᠨ᠂ ᠣᠯᠠᠭᠠᠨᠴᠠᠪ ᠴᠢᠭᠤᠯᠭᠠᠨ ᠤ ᠲᠦᠮᠡᠳ ᠬᠤᠰᠢᠭᠤᠨ | ᠤ ᠵᠢᠷ ᠤᠨ ᠨᠢᠭᠡᠨ ᠲᠠᠷᠢᠶᠠᠴᠢᠨ ᠤ ᠭᠡᠷ ᠲᠤ ᠲᠦᠷᠦᠵᠡᠢ᠃ | 1910 ᠣᠨ ᠠᠴᠠ ᠭᠡᠷ ᠤᠨ ᠰᠣᠷᠭᠠᠭᠤᠯᠢ ᠳᠤ ᠪᠢᠴᠢᠭ ᠦᠵᠡᠵᠦ᠂ 1912 ᠣᠨ ᠳᠤ ᠾᠧ ᠺᠧᠦ ᠪᠠᠯᠭᠠᠰᠣ ᠶᠢᠨ ᠢᠦᠢ ᠼᠠᠢ ᠪᠠᠭ᠎ᠠ ᠰᠣᠷᠭᠠᠭᠤᠯᠢ ᠳᠤ | ᠪᠢᠴᠢᠭ ᠦᠵᠡᠵᠦ ᠪᠠᠶᠢᠵᠠᠢ᠃ 1918 ᠣᠨ ᠠᠴᠠ1923 ᠣᠨ ᠪᠤᠯᠳᠠᠯ᠎ᠠ ᠲᠦᠮᠡᠳ ᠬᠤᠰᠢᠭᠤᠨ ᠤ ᠪᠦᠷᠢᠨ ᠪᠠᠭ᠎ᠠ ᠰᠣᠷᠭᠠᠭᠤᠯᠢ᠂ ᠭᠦᠢᠰᠦᠢ ᠶᠢᠨ ᠳᠣᠮᠳᠠᠳᠣ | ᠰᠣᠷᠭᠠᠭᠤᠯᠢ ᠳᠤ ᠪᠢᠴᠢᠭ ᠦᠵᠡᠵᠡᠢ᠃ ᠡᠨᠡ ᠬᠤᠭᠤᠴᠠᠭᠠᠨ ᠳᠤ ᠬᠦᠢᠰᠦᠢ ᠳᠣᠮᠳᠠᠳᠣ ᠰᠣᠷᠭᠠᠭᠤᠯᠢ ᠶᠢᠨ ᠰᠣᠷᠣᠭᠴᠢᠳ ᠤᠨ ᠡᠪᠯᠡᠯ᠂ ᠭᠦᠢᠰᠦᠢ ᠶᠢᠨ ᠰᠣᠷᠣᠭᠴᠢᠳ | ᠤᠨ ᠬᠤᠯᠪᠣᠭᠠᠲᠣ ᠬᠤᠷᠠᠯ ᠤᠨ ᠬᠡᠰᠢᠭᠦᠨ ᠪᠤᠯᠵᠤ᠂1921 ᠣᠨ ᠳᠤ ᠭᠠᠷᠣᠭᠰᠠᠨ ᠭᠦᠢᠰᠦᠢ ᠶᠢᠨ ᠰᠣᠷᠣᠭᠴᠢᠳ ᠤᠨ ᠶᠠᠫᠤᠨ ᠤ ᠬᠦᠷᠦᠩᠭᠡᠲᠡᠨ ᠤ ᠴᠠᠬᠢᠯᠭᠠᠨ | ᠳ᠋ᠧᠩ ᠤᠨ ᠭᠦᠩᠰᠧ ᠶᠢ ᠪᠠᠯᠪᠠᠴᠢᠭᠰᠠᠨ ᠪᠦᠭᠡᠳ 1923 ᠣᠨ ᠳᠤ ᠭᠠᠷᠣᠭᠰᠠᠨ ᠶᠠᠫᠤᠨ ᠤ ᠪᠠᠷᠠᠭ᠎ᠠ ᠶᠢ ᠴᠠᠭᠠᠵᠠᠯᠠᠬᠤ ᠬᠦᠳᠡᠯᠭᠡᠭᠡᠨ ᠤ ᠭᠤᠣᠯ ᠵᠣᠬᠢᠶᠠᠨ | ᠪᠠᠶᠢᠭᠤᠯᠣᠭᠴᠢ ᠨᠢ ᠪᠤᠯᠤᠭᠰᠠᠨ ᠪᠠᠶᠢᠪᠠ᠃ | 1923 ᠣᠨ ᠤ ᠨᠠᠮᠣᠷ᠂ ᠪᠡᠭᠡᠵᠢᠩ ᠳᠠᠬᠢ ᠮᠣᠩᠭᠤᠯ ᠲᠦᠪᠡᠳ ᠤᠨ ᠰᠣᠷᠭᠠᠭᠤᠯᠢ ᠳᠤ ᠰᠢᠯᠭᠠᠭᠳᠠᠨ ᠣᠷᠣᠵᠣ᠂ 1924 ᠣᠨ ᠤ ᠡᠬᠢ ᠪᠠᠷ ᠳᠣᠮᠳᠠᠳᠣ | ᠣᠯᠣᠰ ᠤᠨ ᠨᠡᠶᠢᠭᠡᠮ ᠵᠢᠷᠤᠮᠲᠤ ᠵᠠᠯᠠᠭᠤᠴᠣᠳ ᠤᠨ ᠡᠪᠯᠡᠯ ᠤᠨ ᠬᠡᠰᠢᠭᠦᠨ ᠳᠤ ᠡᠯᠰᠡᠭᠳᠡᠨ ᠣᠷᠣᠭᠠᠳ᠂ ᠣᠳᠠᠯ ᠦᠭᠡᠢ ᠳᠣᠮᠳᠠᠳᠣ ᠣᠯᠣᠰ ᠤᠨ ᠡᠪ ᠬᠠᠮᠲᠣ ᠨᠠᠮ | ᠳᠤ ᠣᠷᠣᠪᠠ᠃ | 1925 ᠣᠨ ᠤ ᠡᠬᠢ ᠪᠠᠷ᠂ ᠳᠣᠮᠳᠠᠳᠣ ᠣᠯᠣᠰ ᠤᠨ ᠡᠪ ᠬᠠᠮᠲᠣ ᠨᠠᠮ ᠤᠨ ᠣᠮᠠᠷᠠᠲᠣ ᠣᠷᠣᠨ ᠤ ᠬᠤᠷᠢᠶ᠎ᠠ ᠶᠢᠨ ᠲᠣᠮᠢᠯᠠᠯᠲᠠ ᠪᠠᠷ ᠪᠤᠭᠤᠲᠤ ᠳᠤ ᠠᠵᠢᠯ | ᠦᠷᠨᠢᠭᠦᠯᠬᠦ ᠪᠠᠷ ᠣᠴᠢᠭᠠᠳ᠂ ᠳᠣᠮᠳᠠᠳᠣ ᠣᠯᠣᠰ ᠤᠨ ᠡᠪ ᠬᠠᠮᠲᠣ ᠨᠠᠮ ᠤᠨ ᠪᠤᠭᠤᠲᠤ ᠶᠢᠨ ᠠᠵᠢᠯᠯᠠᠬᠤ ᠬᠤᠷᠢᠶᠠᠨ ᠤ ᠱᠦᠵᠢ ᠪᠤᠯᠤᠭᠰᠠᠨ ᠤ ᠬᠠᠮᠲᠣ᠂ ᠪᠣᠭᠤᠲᠣ | ᠳᠤ ᠳᠣᠮᠳᠠᠳᠣ ᠣᠯᠣᠰ ᠤᠨ ᠭᠤᠮᠢᠨᠳᠠᠩ ᠨᠠᠮ ᠤᠨ ᠪᠤᠭᠤᠲᠤ ᠶᠢᠨ ᠨᠠᠮ ᠤᠨ ᠬᠡᠯᠳᠡᠰ ᠢ ᠵᠣᠬᠢᠶᠠᠨ ᠪᠠᠶᠢᠭᠤᠯᠣᠭᠠᠳ ᠭᠦᠢᠴᠡᠳᠭᠡᠬᠦ ᠬᠡᠰᠢᠭᠦᠨ ᠨᠢ ᠪᠤᠯᠪᠠ᠃ 9 ᠰᠠᠷ᠎ᠠ | ᠳᠤᠨᠢ᠂ ᠱᠢ ᠭᠤᠸᠠᠢ ᠵᠸᠦ ᠶᠢᠨ ᠠᠭᠤᠷᠬᠠᠢ ᠶᠢᠨ ᠠᠵᠢᠯᠴᠢᠨ ᠤ ᠠᠵᠢᠯ ᠬᠠᠶᠠᠯᠲᠠ ᠶᠢ ᠳᠠᠶᠢᠴᠢᠯᠠᠨ ᠶᠠᠪᠣᠭᠤᠯᠵᠠᠢ᠃ | 1925 ᠣᠨ ᠤ 10 ᠰᠠᠷ᠎ᠠ ᠳᠤ᠂ ᠴᠢᠭᠤᠯᠭᠠᠲᠤ ᠬᠠᠭᠠᠯᠭᠠᠨ ᠳᠤ ᠪᠣᠯᠣᠭᠰᠠᠨ ᠳᠣᠲᠣᠭᠠᠲᠣ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ | ᠠᠩᠬᠠᠳᠣᠭᠠᠷ ᠣᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠳᠤ ᠣᠷᠣᠯᠴᠠᠭᠠᠳ ᠲᠦᠪ ᠬᠤᠷᠢᠶᠠᠨ ᠤ ᠬᠡᠰᠢᠭᠦᠨ ᠪᠦᠭᠡᠳ ᠣᠷᠣᠯᠠᠭᠴᠢ ᠭᠦᠢᠴᠡᠳᠭᠡᠬᠦ ᠬᠡᠰᠢᠭᠦᠨ | ᠪᠤᠯᠪᠠ᠃ ᠮᠦᠨ ᠵᠢᠯ ᠤᠨ ᠡᠪᠤᠯ᠂ ᠴᠢᠭᠤᠯᠭᠠᠲᠣ ᠬᠠᠭᠠᠯᠭ᠎ᠠ ᠳᠤ ︽ᠦᠪᠦᠷ ᠮᠣᠩᠭᠤᠯ ᠤᠨ ᠠᠵᠢᠯᠴᠢᠨ ᠲᠠᠷᠢᠶᠠᠴᠢᠨ ᠴᠡᠷᠢᠭ ᠤᠨ ᠶᠡᠭᠡ ᠬᠤᠯᠪᠣᠭ᠎ᠠ︾ | ᠪᠠᠶᠢᠭᠤᠯᠣᠭᠳᠠᠬᠤ ᠶᠡᠭᠡ ᠬᠤᠷᠠᠯ ᠳᠤ ᠣᠷᠣᠯᠴᠠᠭᠠᠳ᠂ ᠲᠦᠪ ᠬᠤᠷᠢᠶᠠᠨ ᠤ ᠭᠦᠢᠴᠡᠳᠭᠡᠬᠦ ᠬᠡᠰᠢᠭᠦᠨ ᠪᠤᠯᠪᠠ᠃ | 1926 ᠣᠨ ᠤ 1 ᠰᠠᠷ᠎ᠠ ᠳᠤ᠂ ᠳᠣᠮᠳᠠᠳᠣ ᠣᠯᠣᠰ ᠤᠨ ᠡᠪ ᠬᠠᠮᠲᠣ ᠨᠠᠮ ᠤᠨ ᠣᠮᠠᠷᠠᠲᠣ ᠣᠷᠣᠨ ᠤ ᠳᠣᠪᠴᠢᠶ᠎ᠠ ᠶᠢᠨ ᠵᠢᠭᠠᠪᠣᠷᠢ ᠪᠠᠷ ᠭᠤᠸᠠᠩᠵᠸᠦ ᠳᠤ | ᠣᠴᠢᠨ ᠳᠣᠮᠳᠠᠳᠣ ᠣᠯᠣᠰ ᠤᠨ ᠭᠤᠮᠢᠨᠳᠠᠩ ᠨᠠᠮ ᠤᠨ ᠬᠤᠶᠠᠳᠣᠭᠠᠷ ᠣᠳᠠᠭᠠᠨ ᠤ ᠲᠦᠯᠦᠭᠡᠯᠡᠭᠴᠢᠳ ᠤᠨ ᠶᠡᠭᠡ ᠬᠤᠷᠠᠯ ᠳᠤ ᠣᠷᠣᠯᠴᠠᠭᠰᠠᠨ ᠪᠦᠭᠡᠳ ᠡᠪ ᠬᠠᠮᠲᠣ | ᠨᠠᠮ ᠤᠨ ᠬᠤᠷᠠᠯᠳᠣᠭᠰᠠᠨ ᠵᠣᠬᠢᠶᠠᠨ ᠪᠠᠶᠢᠭᠤᠯᠣᠯᠲᠠ ᠶᠢᠨ ᠬᠤᠷᠠᠯ ᠳᠤ ᠣᠷᠣᠯᠴᠠᠵᠠᠢ᠃ 8 ᠰᠠᠷ᠎ᠠ ᠳᠤ ᠪᠤᠭᠤᠲᠤ ᠳᠤ ᠳᠣᠳᠣᠭᠠᠳᠣ ᠮᠣᠩᠭᠤᠯ ᠤᠨ ᠠᠷᠠᠳ ᠤᠨ | ᠬᠤᠪᠢᠰᠬᠠᠯᠲᠤ ᠴᠡᠷᠢᠭ ᠪᠠᠶᠢᠭᠤᠯᠣᠭᠳᠠᠭᠠᠳ᠂ ᠲᠡᠳ᠋ ᠶᠡᠷᠦᠩᠬᠡᠢ ᠵᠢᠯᠤᠭᠤᠳᠤᠭᠴᠢ ᠪᠤᠯᠪᠠ᠃ 11 ᠰᠠᠷ᠎ᠠ ᠳᠤ᠂ ᠪᠣᠭᠤᠲᠣ ᠳᠤ ᠨᠡᠭᠡᠭᠡᠭᠳᠡᠭᠰᠡᠨ ᠳᠣᠳᠣᠭᠠᠲᠣ ᠮᠣᠩᠭᠤᠯ | ᠤᠨ ᠠᠷᠠᠳ ᠤᠨ ᠬᠤᠪᠢᠰᠬᠠᠯᠲᠣ ᠨᠡᠮ ᠤᠨ ᠶᠡᠭᠡ ᠵᠤᠤ᠂ ᠣᠯᠠᠭᠠᠨᠴᠠᠪ ᠬᠤᠶᠠᠷ ᠴᠢᠭᠤᠯᠭᠠᠨ ᠤ ᠬᠠᠮᠲᠣᠷᠠᠭᠰᠠᠨ ᠬᠤᠷᠠᠯᠳᠣᠭᠠᠨ ᠳᠤ ᠣᠷᠣᠯᠴᠠᠭᠠᠳ᠂ ᠦᠪᠦᠷ | ᠮᠣᠩᠭᠤᠯ ᠤᠨ ᠪᠠᠷᠠᠭᠤᠨ ᠬᠡᠰᠡᠭ ᠤᠨ ᠮᠣᠩᠭᠤᠯ ᠦᠨᠳᠦᠰᠦᠲᠡᠨ ᠤ ᠴᠢᠯᠦᠭᠡᠯᠡᠯᠲᠡ ᠶᠢᠨ ᠬᠦᠳᠡᠯᠭᠡᠭᠡᠨ ᠢ ᠪᠠᠶᠢᠷᠢᠯᠠᠭᠤᠯᠣᠭᠰᠠᠨ ᠪᠠᠶᠢᠨ᠎ᠠ᠃ | 1927 ᠣᠨ ᠤ 7 ᠰᠠᠷ᠎ᠠ ᠳᠤ᠂ ᠢᠷᠭᠠᠢ ᠳᠤ ᠶᠠᠪᠣᠭᠳᠠᠭᠰᠠᠨ ᠳᠣᠳᠣᠭᠠᠳᠣ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠲᠦᠪ ᠬᠤᠷᠢᠶᠠᠨ ᠤ | ᠬᠦᠢᠴᠡᠳᠭᠡᠬᠦ ᠬᠡᠰᠢᠭᠦᠨ ᠪᠠ ᠣᠯᠠᠭᠠᠨᠴᠠᠪ᠂ ᠶᠡᠭᠡ ᠵᠤᠤ ᠶᠢᠨ ᠴᠢᠭᠤᠯᠭᠠᠨ ᠤ ᠲᠦᠯᠦᠭᠡᠯᠡᠭᠴᠢᠳ ᠤᠨ ᠬᠤᠷᠠᠯ ᠳᠤ ᠣᠷᠣᠯᠴᠠᠵᠠᠢ᠃ 10 ᠰᠠᠷ᠎ᠠ ᠳᠤ ᠯᠢ ᠢᠦᠢ ᡁᠢ | ᠮᠣᠷᠢᠲᠣ ᠨᠢᠭᠡᠳᠦᠭᠡᠷ᠂ ᠬᠤᠶᠠᠳᠣᠭᠠᠷ ᠪᠠᠲ᠋ᠠᠯᠢᠶᠣᠨ ᠢ ᠳᠠᠭᠠᠭᠤᠯᠵᠤ᠂ ᠶᠡᠭᠡ ᠵᠤᠤ ᠶᠢᠨ ᠴᠢᠭᠤᠯᠭᠠᠨ ᠤ ᠦᠦᠰᠢᠨ ᠬᠤᠰᠢᠭᠤᠨ ᠳᠤ ᠤᠴᠢᠵᠣ ᠰᠢᠨᠡᠯᠠᠮ᠎ᠠ ᠶᠢᠨ12 | ᠳ᠋ᠣᠭᠠᠷ ᠬᠤᠷᠢᠶ᠎ᠠ ᠲᠠᠢ ᠬᠠᠪᠰᠤᠷᠤᠨ ᠪᠠᠶᠢᠯᠳᠣᠵᠣ ᠵᠢᠩ ᠶᠣᠸᠠᠢ ᠰᠢᠦ ᠶᠢᠨ ᠴᠡᠷᠢᠭ ᠢ ᠣᠬᠤᠷᠢᠭᠤᠯᠬᠤ ᠪᠠᠷ ᠮᠣᠷᠳᠠᠵᠠᠢ᠃ 10 ᠰᠠᠷ᠎ᠠ ᠶᠢᠨ 8 ᠤ ᠡᠳᠦᠷ᠂ ᠯᠢ ᠢᠦᠢ | ᡁᠢ ᠶᠢᠨ ᠬᠠᠮᠠᠭᠠᠯᠠᠭᠴᠢ ᠴᠢ ᠵᠣᠣ ᠼᠠᠢ ︵ᠡᠪ ᠬᠠᠮᠲᠣ ᠨᠠᠮ ᠤᠨ ᠬᠡᠰᠢᠭᠦᠨ︶ ᠭᠠᠷ ᠠᠯᠳᠠᠵᠣ ᠨᠢᠭᠡᠨ ᠮᠠᠯᠴᠢᠨ ᠤ ᠨᠣᠬᠠᠢ ᠶᠢ ᠫᠤᠤᠳᠠᠨ ᠠᠯᠠᠭᠰᠡᠨ ᠬᠡᠷᠡᠭ ᠨᠢ | ᠰᠠᠷᠠᠩᠳᠣᠩᠷᠣᠪ ᠤᠨ ᠬᠠᠮᠰᠠᠭᠠᠲᠠᠨ ᠰᠠᠶᠢᠨᠪᠠᠶᠠᠷ ︵ᠪᠤᠤ ᠶᠤᠸᠠᠢ ᠴᠢᠩ︶᠂ ᠲᠦᠩ ᠭᠤᠸᠠᠩ ᠶᠣᠸᠠᠨ ᠨᠠᠷ ᠤᠨ ᠬᠡᠷᠡᠭ ᠡᠳᠦᠬᠦ ᠰᠢᠯᠳᠠᠭᠠᠨ ᠪᠤᠯᠵᠤ᠂ ᠴᠢ ᠵᠤᠤ ᠼᠠᠢ | ᠶᠢ ᠪᠠᠷᠢᠪᠴᠢᠯᠠᠨ᠂ ᠬᠦᠮᠦᠨ ᠲᠣᠮᠢᠯᠠᠨ ᠯᠢ ᠢᠦᠢ ᡁᠢ ᠶᠢ ᠳᠠᠭᠤᠳᠠᠭᠤᠯᠵᠣ ᠬᠡᠷᠬᠢᠨ ᠰᠢᠢᠳᠪᠦᠷᠢᠯᠡᠬᠦ ᠶᠢ ᠵᠦᠪᠳᠡᠯᠴᠡᠬᠦ ᠪᠠᠷ ᠪᠤᠯᠪᠠ᠃ ᠯᠢ ᠢᠦᠢ ᡁᠢ ᠬᠠᠮᠠᠭᠠᠯᠠᠭᠴᠢ | ᠪᠠᠨ ᠠᠪᠣᠷᠠᠬᠤ ᠪᠠᠷ ᠰᠢᠭᠤᠳ ᠬᠦᠷᠴᠦ ᠣᠴᠢᠭᠠᠳ ᠰᠠᠶᠢᠨᠪᠠᠶᠠᠷ ᠨᠠᠷ ᠲᠤ ᠪᠠᠷᠢᠪᠴᠢᠯᠠᠭᠳᠠᠵᠣ᠂ ᠴᠡᠷᠢᠭ ᠠᠩᠭᠢ ᠶᠢᠨ ᠳᠣᠳᠣᠷᠠᠬᠢ ᠡᠪ ᠬᠠᠮᠲᠣ ᠨᠠᠮ ᠤᠨ ᠬᠡᠰᠢᠭᠦᠳ | ᠢ ᠴᠣᠭᠯᠠᠭᠤᠯᠵᠣ ᠬᠤᠷᠠᠯ ᠬᠢᠯᠭᠡᠬᠦ ᠶᠢ ᠱᠠᠭᠠᠷᠳᠠᠭᠰᠠᠨ ᠳᠤ ᠲᠡᠷᠡ ᠡᠷᠡᠰ ᠵᠦᠪᠰᠢᠶᠡᠷᠡᠭᠰᠡᠨ ᠦᠭᠡᠢ ᠠᠴᠠ ᠪᠣᠯᠵᠣ᠂ ᠳᠠᠷᠠᠭ᠎ᠠ ᠰᠦᠨᠢ ᠨᠢ ᠰᠠᠶᠢᠨᠪᠠᠶᠠᠷ᠂ ᠲᠦᠩ | ᠭᠤᠸᠠᠨ ᠶᠣᠸᠠᠨ ᠨᠡᠷ ᠯᠢ ᠢᠦᠢ ᡁᠢ ᠪᠠ ᠴᠢ ᠵᠤᠤ ᠼᠠᠢ ᠶᠢ ᠨᠢᠭᠤᠴᠠ ᠪᠠᠷ ᠬᠤᠣᠷᠯᠠᠵᠠᠢ᠂ ᠲᠣᠰ ᠵᠢᠯ ᠨᠢ ᠯᠢ ᠢᠦᠢ ᡁᠢ 26 ᠨᠠᠰᠣᠲᠠᠢ ᠪᠠᠶᠢᠪᠠ᠃ | ︵ᠳ᠋ᠦᠩᠱᠧᠩ ᠤᠨ ᠦᠷᠡᠭᠳᠡᠭᠰᠡᠨ ᠪᠠᠭᠠᠳᠤᠷᠴᠤᠳ ᠤᠨ ᠤᠩᠭᠤᠨ ᠤ ᠬᠠᠮᠠᠭᠠᠯᠠᠯᠳᠠ ᠶᠢᠨ ᠭᠠᠵᠡᠷ ᠠᠴᠠ ᠬᠠᠩᠭᠠᠪᠠ︶ | | |