| ᠬᠢᠲᠠᠳ ᠨᠡᠷ᠎ᠡ ᠵᠣᠣ ᠢᠦᠢ ᠱᠠᠨ᠂ ᠮᠣᠩᠭᠤᠯ ᠦᠨᠳᠦᠰᠦᠲᠡᠨ᠂ 1904 ᠣᠨ ᠳᠤ ᠶᠡᠭᠡ ᠵᠤᠤ ᠶᠢᠨ ᠴᠢᠭᠤᠯᠭᠠᠨ ᠤ ᠦᠦᠰᠢᠨ ᠬᠤᠰᠢᠭᠤᠨ ᠤ ᠣᠷᠢᠳᠦ ᠪᠡᠶ᠎ᠡ | ᠰᠢᠶᠠᠩ ᠳᠤ ᠳᠦᠷᠦᠵᠡᠶ᠃ ᠪᠠᠲᠣᠴᠢᠯᠠᠭᠤ ᠬᠠᠷᠠᠬᠠᠨ ᠪᠠᠭ᠎ᠠ ᠠᠴᠠ ᠪᠠᠨ ᠰᠡᠴᠡᠨ ᠰᠡᠷᠭᠦᠯᠡᠩ ᠪᠠᠶᠢᠭᠰᠠᠨ ᠠᠴᠠ ᠸᠠᠩ ᠤᠨ ᠣᠷᠳᠣᠨ ᠳᠤ ᠲᠤᠰᠢᠶᠠᠯ ᠬᠠᠷᠢᠭᠤᠴᠠᠵᠤ | ᠪᠠᠶᠢᠭᠰᠠᠨ ᠠᠪᠤ ᠨᠢ ᠲᠡᠭᠦᠨ ᠢ ᠪᠢᠴᠢᠭ ᠦᠵᠡᠭᠦᠯᠵᠡᠢ᠃ ᠲᠡᠷᠡ ᠰᠢᠷᠭᠠᠭᠤ ᠬᠠᠳᠠᠭᠤᠵᠢᠯᠲᠠᠢ ᠰᠣᠷᠣᠯᠴᠠᠵᠣ ᠬᠢᠷᠢ ᠪᠦᠲᠦᠮᠵᠢ ᠨᠢ ᠮᠠᠰᠢ ᠰᠢᠯᠢᠳᠡᠭ ᠪᠠᠶᠢᠭᠰᠠᠨ ᠠᠴᠠ | 1932 ᠣᠨ ᠳᠤ ᠸᠠᠩ ᠤᠨ ᠣᠷᠳᠣᠨ ᠤ ᠨᠠᠷᠢᠨ ᠪᠢᠴᠢᠭᠡᠴᠢ ᠪᠠᠷ ᠲᠣᠮᠢᠯᠠᠭᠳᠠᠬᠤ ᠳᠤ ᠰᠠᠭᠤᠷᠢ ᠲᠠᠯᠪᠢᠵᠠᠢ᠃ ᠨᠠᠷᠢᠨ ᠪᠢᠴᠢᠭᠡᠴᠢ ᠪᠠᠷ ᠠᠵᠢᠯᠯᠠᠵᠤ ᠪᠠᠶᠢᠬᠤ | ᠬᠤᠭᠤᠴᠠᠭᠠᠨ ᠳᠤ᠂ ᠲᠡᠷᠡ ᠴᠢᠳᠠᠪᠤᠷᠢᠲᠠᠨ ᠢᠶᠠᠷ ᠪᠠᠭᠰᠢ ᠪᠠᠷᠢᠵᠤ᠂ ᠴᠦᠬᠦᠷᠡᠯ ᠦᠭᠡᠢ ᠴᠢᠷᠮᠠᠶᠢᠨ ᠰᠣᠷᠣᠯᠴᠠᠵᠤ᠂ ᠠᠵᠢᠯ ᠠᠮᠢᠳᠣᠷᠠᠯ ᠳᠤ ᠪᠠᠨ ᠠᠵᠢᠯᠴᠢ | ᠪᠤᠷᠤᠭᠵᠢᠭᠤᠨ᠂ ᠳᠠᠷᠤᠤ ᠪᠤᠯᠭᠤᠮᠵᠢᠲᠠᠢ᠂ ᠦᠨᠡᠨᠴᠢ ᠬᠢᠨᠠᠮᠠᠭᠠᠢ ᠪᠠᠶᠢᠵᠣ᠂ ᠬᠦᠨᠳᠦ ᠡᠭᠦᠷᠭᠡ ᠶᠢ ᠵᠣᠷᠢᠭᠲᠠᠢ ᠪᠠᠷ ᠡᠭᠦᠷᠭᠡᠯᠡᠳᠡᠭ ᠢᠶᠠᠷ ᠬᠦᠮᠦᠰ ᠤᠨ ᠰᠠᠶᠢᠨ | ᠦᠨᠡᠯᠡᠯᠲᠡ ᠤᠯᠵᠤ ᠪᠠᠶᠢᠵᠠᠢ᠃ | 1936 ᠣᠨ ᠳᠤ᠂ ᠮᠤᠯᠤᠮᠵᠠᠮᠰᠤ ᠨᠠᠮ ᠤᠨ ᠲᠥᠪ ᠬᠤᠷᠢᠶ᠎ᠠ ᠠᠴᠠ ᠳ᠋ᠢᠩᠪᠢᠶᠠᠨ ᠳᠤ ᠮᠣᠩᠭᠤᠯ ᠤᠨ ᠠᠵᠢᠯᠯᠠᠬᠤ ᠬᠤᠷᠢᠶ᠎ᠠ ᠪᠠᠶᠢᠭᠤᠯᠵᠤ ᠪᠠᠶᠢᠬᠤ ᠶᠢ ᠣᠯᠵᠤ | ᠮᠡᠳᠡᠭᠡᠳ᠂ ᠶᠠᠫᠤᠨ ᠢ ᠡᠰᠡᠷᠭᠦᠴᠡᠬᠦ ᠦᠨᠳᠦᠰᠦᠲᠡᠨ ᠤ ᠨᠢᠭᠡᠳᠦᠮᠡᠯ ᠹᠷᠣᠨᠲ ᠤᠨ ᠠᠰᠠᠭᠤᠳᠠᠯ ᠢ ᠰᠤᠳᠤᠯᠤᠨ ᠶᠠᠷᠢᠯᠴᠠᠬᠤ ᠪᠠᠷ ᠣᠴᠢᠪᠠ᠃ ᠲᠡᠨᠳᠡ᠂ ᠮᠣᠯᠣᠮᠵᠠᠮᠰᠣ | ᠬᠠᠯᠠᠭᠤᠨ ᠢᠶᠠᠷ ᠤᠭᠲᠤᠭᠳᠠᠵᠤ᠂ ᠬᠠᠯᠠᠭᠤᠨ ᠢᠶᠠᠷ ᠵᠣᠴᠢᠯᠠᠭᠳᠠᠪᠠ᠃ ᠬᠠᠷᠢᠵᠤ ᠢᠷᠡᠭᠰᠡᠨ ᠤ ᠳᠠᠷᠠᠭ᠎ᠠ᠂ ᠪᠠᠲᠣᠴᠢᠯᠠᠭᠤ ᠳᠤ ᠳ᠋ᠢᠩᠪᠢᠶᠠᠨ ᠣᠷᠣᠨ ᠳᠤ ᠦᠵᠡᠵᠦ | ᠰᠣᠨᠣᠰᠤᠭᠰᠠᠨ ᠵᠦᠢᠯ ᠪᠠ ᠡᠪ ᠬᠠᠮᠲᠤ ᠨᠠᠮ ᠤᠨ ᠤᠯᠤᠰ ᠲᠦᠷᠦ ᠶᠢᠨ ᠵᠣᠷᠢᠯᠲᠠ ᠶᠢ ᠲᠠᠶᠢᠯᠪᠤᠷᠢᠯᠠᠨ ᠥᠭᠴᠦ᠂ ᠲᠤᠬᠠᠢ ᠶᠢᠨ ᠦᠶ᠎ᠡ ᠶᠢᠨ ᠪᠠᠶᠢᠳᠠᠯ ᠢ ᠵᠠᠳᠠᠯᠤᠨ | ᠰᠢᠨᠵᠢᠯᠡᠪᠡ᠃ ᠡᠨᠡ ᠨᠢ ᠪᠠᠲᠣᠴᠢᠯᠠᠭᠤ ᠳᠤ ᠶᠠᠳᠠᠭᠤ ᠵᠦᠳᠡᠭᠦᠦ ᠮᠠᠯᠴᠢᠨ ᠲᠦᠮᠡᠨ ᠢ ᠴᠢᠯᠦᠭᠡᠯᠡᠬᠦ ᠳᠤ ᠡᠷᠬᠡᠪᠰᠢ ᠳᠤᠮᠳᠠᠳᠤ ᠤᠯᠤᠰ ᠤᠨ ᠡᠪ ᠬᠠᠮᠲᠤ ᠨᠠᠮ ᠤᠨ | ᠤᠳᠤᠷᠢᠳᠤᠯᠭ᠎ᠠ ᠶᠢ ᠬᠦᠯᠢᠶᠡᠵᠦ᠂ ᠭᠤᠮᠢᠨᠳᠠᠩ ᠤᠨ ᠲᠡᠷᠰᠯᠡᠭᠦᠴᠦᠳ ᠤᠨ ᠬᠠᠷᠭᠢᠰ ᠬᠡᠷᠴᠡᠭᠡᠢ ᠨᠣᠶᠠᠷᠬᠠᠯ ᠢ ᠲᠦᠯᠬᠢᠨ ᠤᠨᠠᠭᠠᠬᠤ ᠬᠡᠷᠡᠭᠲᠡᠢ ᠭᠡᠳᠡᠭ ᠢ ᠠᠭᠠᠵᠢᠮ ᠢᠶᠠᠷ | ᠲᠠᠨᠢᠭᠤᠯᠵᠠᠢ᠃ | 1937 ᠣᠨ ᠤ 3 ᠰᠠᠷ᠎ᠠ ᠶᠢᠨ 28 ᠤ ᠡᠳᠦᠷ ︵ᠪᠢᠯᠢᠭ ᠤᠨ ᠣᠯᠠᠷᠢᠯ ᠤᠨ 2 ᠰᠠᠷ᠎ᠠ ᠶᠢᠨ 16 ᠤ ᠡᠳᠦᠷ︶᠂ ᠮᠣᠯᠣᠮᠵᠠᠮᠰᠣ ᠶᠢᠨ ᠵᠣᠬᠢᠶᠠᠨ | ᠪᠠᠶᠢᠭᠤᠯᠤᠭᠰᠠᠨ ᠦᠦᠰᠢᠨ ᠬᠤᠰᠢᠭᠤᠨ ᠤ ᠠᠩᠬᠠᠳᠠᠭᠴᠢ ᠮᠣᠩᠭᠤᠯ ᠦᠨᠳᠦᠰᠦᠲᠡᠨ ᠤ ᠡᠯ᠎ᠡ ᠡᠲᠡᠭᠡᠳ ᠤᠨ ᠬᠥᠮᠥᠰ ᠤᠨ ᠲᠥᠯᠥᠭᠡᠯᠡᠭᠴᠢᠳ ᠤᠨ ᠪᠦᠯᠬᠦᠮ ᠶᠠᠨ ᠠᠨ | ᠳᠤ ᠬᠦᠷᠴᠦ ᠲᠣᠭᠤᠷᠢᠨ ᠦᠵᠡᠵᠡᠢ᠃ ᠲᠥᠯᠥᠭᠡᠯᠡᠭᠴᠢᠳ ᠤᠨ ᠪᠦᠯᠬᠦᠮ ᠳᠤ 30 ᠭᠠᠷᠤᠢ ᠬᠥᠮᠥᠨ ᠲᠠᠢ ᠪᠠᠶᠢᠵᠤ᠂ ᠰᠠᠶᠢᠨᠪᠢᠯᠢᠭ᠌ ᠪᠣᠯᠣᠨ ᠪᠠᠲᠣᠴᠢᠯᠠᠭᠤ ᠪᠠᠷ | ᠪᠦᠯᠬᠦᠮ ᠤᠨ ᠳᠡᠳ᠋ ᠳᠠᠷᠤᠭ᠎ᠠ ᠪᠣᠯᠭᠠᠭᠰᠠᠨ ᠪᠠᠶᠢᠨ᠎ᠠ᠃ 4 ᠰᠠᠷ᠎ᠠ ᠶᠢᠨ 2 ᠤᠨ ᠡᠳᠦᠷ ᠶᠠᠨ ᠠᠨ ᠳᠤ ᠬᠦᠷᠦᠭᠰᠡᠨ ᠤ ᠳᠠᠷᠠᠭ᠎ᠠ᠂ ᠶᠠᠨ ᠠᠨ ᠤ ᠨᠠᠮ᠂ ᠵᠠᠰᠠᠭ᠂ | ᠴᠡᠷᠢᠭ᠂ ᠠᠷᠠᠳ ᠤᠨ ᠡᠯ᠎ᠡ ᠡᠲᠡᠭᠡᠳ ᠤᠨ ᠬᠢᠨ ᠳᠤ ᠬᠠᠯᠠᠭᠤᠨ ᠢᠶᠠᠷ ᠤᠭᠲᠤᠭᠳᠠᠪᠠ᠃ ᠲᠡᠷᠢᠭᠦᠯᠡᠭᠴᠢ ᠮᠠᠤ ᠽᠧ ᠳ᠋ᠦᠩ᠂ ᠵᠦ ᠳ᠋ᠧ ᠵᠡᠷᠭᠡ ᠲᠥᠪ ᠤᠨ ᠳᠠᠷᠤᠭ᠎ᠠ ᠨᠠᠷ | ᠲᠥᠯᠥᠭᠡᠯᠡᠭᠴᠢᠳ ᠤᠨ ᠪᠦᠯᠬᠦᠮ ᠤᠨ ᠪᠦᠬᠦ ᠪᠦᠷᠢᠯᠳᠦᠭᠦᠨ ᠢ ᠭᠡᠳᠦ ᠤᠳᠠᠭ᠎ᠠ ᠭᠥᠯᠢᠶᠡᠨ ᠠᠪᠴᠤ ᠠᠭᠤᠯᠵᠠᠵᠤ᠂ ᠲᠡᠳᠡᠠ ᠲᠠᠢ ᠴᠢᠩ ᠦᠨᠡᠨᠴᠢ ᠨᠥᠬᠦᠷᠰᠡᠭ ᠢᠶᠠᠷ | ᠶᠠᠷᠢᠯᠴᠠᠪᠠ᠃ ᠲᠥᠯᠥᠭᠡᠯᠡᠭᠴᠢᠳ ᠤᠨ ᠪᠦᠯᠬᠦᠮ ᠶᠠᠨ ᠠᠨ ᠳᠤ ᠬᠦᠷᠴᠦ ᠲᠣᠭᠤᠷᠢᠨ ᠦᠵᠡᠵᠦ ᠰᠤᠷᠤᠯᠴᠠᠭᠰᠠᠨ ᠠᠴᠠ ᠦᠦᠰᠢᠨ ᠬᠤᠰᠢᠭᠤᠨ ᠤ ᠮᠣᠩᠭᠤᠯ | ᠠᠷᠠᠳ ᠤᠨ ᠳᠤᠮᠳᠠ ᠮᠠᠰᠢ ᠶᠡᠭᠡ ᠨᠥᠯᠥᠭᠡ ᠲᠣᠰᠬᠠᠯ ᠭᠠᠷᠴᠤ᠂ ᠪᠦᠬᠦ ᠬᠤᠰᠢᠭᠤᠨ ᠤ ᠬᠤᠪᠢᠰᠬᠠᠯᠲᠤ ᠠᠵᠢᠯᠯᠠᠭ᠎ᠠ ᠶᠢ ᠬᠦᠴᠦᠲᠡᠢ ᠠᠬᠢᠭᠤᠯᠤᠨ᠂ ᠮᠣᠩᠭᠤᠯ | ᠦᠨᠳᠦᠰᠦᠲᠡᠨ ᠤ ᠠᠷᠠᠳ ᠲᠦᠮᠡᠨ ᠤ ᠶᠠᠫᠤᠨ ᠢ ᠡᠰᠡᠷᠭᠦᠴᠡᠵᠦ ᠮᠥᠬᠦᠯ ᠠᠴᠠ ᠠᠪᠤᠷᠠᠬᠤ ᠣᠬᠠᠮᠰᠠᠷ ᠢ ᠶᠡᠬᠡᠳᠡ ᠳᠡᠭᠡᠭᠰᠢᠯᠡᠭᠦᠯᠵᠡᠢ᠃ | 1943 ᠣᠨ ᠤ 4 ᠰᠠᠷ᠎ᠠ ᠶᠢᠨ 6 ᠤ ᠡᠳᠦᠷ᠂ ᠴᠢ ᠶᠢᠨ ᠱᠠᠨ ᠪᠠᠷᠠᠭᠤᠨ ᠦᠦᠰᠢᠨ ᠳᠤ ᠴᠡᠷᠢᠭ ᠳᠠᠶᠢᠴᠢᠯᠠᠨ ᠪᠣᠰᠣᠯᠭ᠎ᠠ ᠭᠠᠷᠭᠠᠭᠰᠠᠨ ᠳᠤ ᠪᠠᠲᠣᠴᠢᠯᠠᠭᠤ | ᠵᠣᠬᠢᠶᠠᠨ ᠪᠠᠶᠢᠭᠤᠯᠬᠤ ᠠᠵᠢᠯ ᠳᠤᠨᠢ ᠢᠳᠡᠪᠬᠢᠲᠡᠢ ᠣᠷᠣᠯᠴᠠᠪᠠ᠃ ᠳᠤᠰ ᠴᠡᠷᠢᠭ ᠠᠩᠭᠢ ᠪᠣᠰᠣᠯᠭ᠎ᠠ ᠭᠠᠷᠭᠠᠭᠰᠠᠨ ᠤ ᠳᠠᠷᠠᠭ᠎ᠠ᠂ ᠪᠠᠲᠣᠴᠢᠯᠠᠭᠤ ᠴᠡᠷᠢᠭ ᠤᠨ | ᠬᠡᠷᠡᠭᠰᠡᠯ ᠤᠨ ᠳᠡᠳ᠋ ᠳᠠᠷᠤᠭ᠎ᠠ ᠪᠠᠷ ᠲᠤᠮᠢᠯᠠᠭᠳᠠᠭᠰᠠᠨ ᠪᠦᠭᠡᠳ ᠴᠢ ᠶᠢᠨ ᠱᠠᠨ ᠤ ᠲᠣᠮᠢᠯᠠᠯᠲᠠ ᠪᠠᠷ ᠰᠠᠭᠰᠠ᠂ ᠠᠷᠪᠢᠨᠪᠠᠶᠠᠷ ᠲᠠᠢ ᠬᠠᠮᠲᠤ ᠪᠠᠷ ᠾᠧᠨᠠᠨ ︵ᠤᠳᠤ | ᠦᠦᠰᠢᠨ ᠬᠤᠰᠢᠭᠤᠨ ᠳᠤ ᠬᠠᠷᠢᠶᠠᠯᠠᠭᠳᠠᠨ᠎ᠠ︶ ᠣᠷᠣᠨ ᠳᠤ ᠬᠦᠷᠴᠦ ᠨᠠᠢᠮᠠᠳᠤᠭᠠᠷ ᠵᠠᠮ ᠤᠨ ᠴᠡᠷᠢᠭ ᠤᠨ ᠬᠠᠷᠢᠭᠤᠴᠠᠯᠭᠠᠲᠠᠨ ᠼᠤᠤ ᠳ᠋ᠦᠩ ᡁᠢ᠂ ᠼᠤᠤ ᠪᠦ᠋ ᠴᠧᠩ | ᠨᠠᠷ ᠲᠠᠢ ᠠᠭᠤᠯᠵᠠᠵᠤ᠂ ᠪᠣᠰᠣᠯᠭ᠎ᠠ ᠶᠢᠨ ᠪᠠᠶᠢᠳᠠᠯ ᠢ ᠬᠠᠷᠢᠭᠤ ᠮᠡᠳᠡᠭᠦᠯᠪᠡ᠃ | 1945 ᠣᠨ ᠤ 3 ᠰᠠᠷ᠎ᠠ ᠳᠤ᠂ ᠪᠠᠷᠠᠭᠤᠨ ᠦᠦᠰᠢᠨ ᠤ ᠴᠡᠷᠢᠭ ᠠᠩᠭᠢ ᠶᠢ ᠪᠠᠷᠠᠭᠤᠨ ᠦᠦᠰᠢᠨ ᠤ ᠠᠮᠤᠷ ᠢ ᠬᠠᠮᠠᠭᠠᠯᠠᠬᠤ ᠰᠧᠯᠢᠩᠪᠦ᠋ ᠪᠣᠯᠭᠠᠨ | ᠥᠷᠭᠡᠳᠬᠡᠨ ᠪᠠᠶᠢᠭᠤᠯᠵᠤ᠂ ᠪᠠᠲᠤᠴᠢᠯᠠᠭᠤ ᠨᠠᠷᠢᠨ ᠪᠢᠴᠢᠭ ᠤᠨ ᠳᠠᠷᠤᠭ᠎ᠠ ᠪᠠᠷ ᠲᠣᠮᠢᠯᠠᠭᠳᠠᠵᠤ᠂ ᠳᠠᠷᠠᠭ᠎ᠠ ᠨᠢ ᠶᠠᠨ ᠠᠨ ᠳᠤ ᠬᠦᠷᠴᠦ ᠬᠢᠵᠠᠭᠠᠷ ᠣᠷᠣᠨ ᠤ ᠵᠠᠰᠠᠭ | ᠤᠨ ᠣᠷᠳᠣᠨ ᠤ ᠵᠦᠪᠯᠡᠯᠭᠡᠨ ᠤ ᠬᠤᠷᠠᠯ ᠳᠤ ᠣᠷᠣᠯᠴᠠᠪᠠ᠃ ᠰᠤᠷᠤᠯᠴᠠᠯᠭ᠎ᠠ ᠪᠠᠷ ᠲᠠᠮᠵᠢᠨ᠂ ᠲᠡᠷᠡ ᠲᠤᠬᠠᠢ ᠶᠢᠨ ᠦᠶ᠎ᠡ ᠶᠢᠨ ᠤᠯᠤᠰ ᠤᠨ ᠳᠣᠲᠣᠭᠠᠳᠤ | ᠭᠠᠳᠠᠭᠠᠳᠤ ᠶᠢᠨ ᠦᠨᠳᠦᠰᠦᠨ ᠪᠠᠶᠢᠳᠠᠯ ᠢ ᠣᠶᠢᠯᠠᠭᠠᠵᠤ᠂ ᠴᠡᠷᠢᠭ ᠤᠨ ᠶᠠᠪᠤᠳᠠᠯ ᠤᠨ ᠮᠡᠳᠡᠯᠭᠡ ᠶᠢ ᠰᠣᠷᠴᠣ ᠡᠵᠡᠮᠰᠢᠭᠰᠡᠨ ᠪᠥᠭᠡᠳ ᠶᠠᠨ ᠠᠨ ᠤ ᠬᠢᠵᠠᠭᠠᠷ ᠣᠷᠣᠨ ᠤ | ᠦᠨᠳᠦᠰᠦᠲᠡᠨ ᠤ ᠬᠡᠷᠡᠭ ᠡᠷᠬᠢᠯᠡᠬᠦ ᠬᠤᠷᠢᠶ᠎ᠠ᠂ ᠮᠣᠩᠭᠤᠯ ᠦᠨᠳᠦᠰᠦᠲᠡᠨ ᠤ ᠬᠠᠮᠲᠤ ᠰᠤᠷᠤᠯᠭᠠᠲᠠᠨ ᠤ ᠡᠪᠯᠡᠯ ᠪᠤᠯᠤᠨ ᠶᠠᠨ ᠠᠨ ᠳᠤ ᠪᠠᠶᠢᠭ᠎ᠠ ᠮᠤᠩᠭᠤᠯᠴᠣᠳ ᠠᠴᠠ | ᠡᠷᠬᠢᠯᠡᠭᠰᠡᠨ ᠴᠢ ᠶᠢᠨ ᠱᠠᠨ ᠢ ᠭᠠᠰᠢᠭᠤᠳᠠᠬᠤ ᠶᠡᠭᠡ ᠬᠤᠷᠠᠯ ᠳᠤ ᠣᠷᠣᠯᠴᠠᠵᠤ᠂ ᠮᠠᠰᠢ ᠶᠡᠭᠡ ᠵᠣᠷᠢᠭᠵᠢᠭᠤᠯᠤᠯ ᠣᠯᠣᠭᠰᠠᠨ ᠪᠠᠶᠢᠨ᠎ᠠ᠃ ᠴᠡᠷᠢᠭ ᠠᠩᠭᠢ ᠳᠠᠭᠠᠨ | ᠪᠤᠴᠠᠭᠰᠠᠨ ᠤ ᠳᠠᠷᠠᠭ᠎ᠠ᠂ ᠲᠡᠷᠡ ᠶᠠᠨ ᠠᠨ ᠠᠴᠠ ᠠᠪᠴᠢᠷᠠᠭᠰᠠᠨ ᠫᠤᠤ ᠵᠡᠪᠰᠡᠭ ᠢᠶᠠᠨ ᠪᠦᠬᠦᠨ ᠢ ᠪᠠᠶᠢᠯᠳᠤᠭᠴᠢᠳ ᠲᠤ ᠬᠤᠪᠢᠶᠠᠨ ᠥᠭᠭᠦᠭᠰᠡᠨ ᠪᠥᠭᠡᠳ | ᠪᠠᠶᠢᠯᠳᠤᠭᠴᠢᠳ ᠲᠤ ᠶᠠᠨ ᠠᠨ ᠳᠤ ᠰᠣᠷᠣᠭᠰᠠᠨ ᠴᠡᠷᠢᠭ ᠤᠨ ᠶᠠᠪᠤᠳᠠᠯ ᠤᠨ ᠮᠡᠳᠡᠯᠭᠡ ᠪᠣᠯᠣᠨ ᠦᠵᠡᠵᠦ ᠰᠣᠨᠣᠰᠤᠭᠰᠠᠨ ᠵᠦᠢᠯ ᠢᠶᠠᠨ ᠤᠯᠠᠮᠵᠢᠯᠠᠪᠠ᠃ ᠲᠡᠭᠦᠨ ᠠᠴᠠ | ᠬᠤᠶᠢᠰᠢ᠂ ᠲᠡᠷᠡ ᠭᠤᠣᠯᠳᠠᠭᠤ ᠴᠡᠷᠢᠭ ᠠᠩᠭᠢ ᠶᠢᠨ ᠪᠠᠶᠢᠯᠳᠤᠭᠠᠨ ᠤ ᠲᠥᠯᠥᠪᠯᠡᠭᠡ ᠲᠣᠭᠲᠠᠭᠠᠬᠤ ᠶᠢ ᠬᠠᠪᠰᠤᠷᠤᠨ ᠤᠳᠤᠷᠢᠳᠴᠤ᠂ ᠰᠣᠷᠣᠭᠰᠠᠨ ᠴᠡᠷᠢᠭ ᠤᠨ | ᠶᠠᠪᠤᠳᠠᠯ ᠤᠨ ᠮᠡᠳᠡᠯᠭᠡ ᠪᠠᠨ ᠦᠢᠯᠡᠳᠦᠯᠭᠡ ᠲᠠᠢ ᠤᠶᠠᠯᠳᠤᠭᠤᠯᠵᠤ᠂ ᠴᠡᠷᠢᠭ ᠠᠩᠭᠢ ᠶᠢᠨ ᠪᠣᠳᠠᠲᠤ ᠪᠠᠶᠢᠯᠳᠤᠭᠠᠨ ᠤ ᠴᠢᠳᠠᠪᠤᠷᠢ ᠪᠠ ᠤᠯᠤᠰ ᠲᠦᠷᠦ ᠶᠢᠨ ᠬᠡᠪ | ᠴᠢᠨᠠᠷ ᠢ ᠳᠡᠭᠡᠭᠰᠢᠯᠡᠭᠦᠯᠵᠡᠢ᠃ | 1947 ᠣᠨ ᠤ 3 ᠰᠠᠷ᠎ᠠ ᠶᠢᠨ 12 ᠤᠨ ᠡᠳᠦᠷ᠂ ᠪᠠᠷᠠᠭᠤᠨ ᠦᠦᠰᠢᠨ ᠤ ᠴᠡᠷᠢᠭ ᠠᠩᠭᠢ ᠶᠢᠨ ᠨᠢᠭᠡᠳᠦᠭᠡᠷ ᠶᠡᠭᠡ ᠠᠩᠭᠢ ᠶᠢᠨ ᠳᠠᠷᠤᠭ᠎ᠠ ᠲᠡᠮᠦᠷ | ᠤᠷᠪᠠᠭᠠᠳ ᠳᠠᠶᠢᠰᠤᠨ ᠳᠤ ᠣᠷᠣᠵᠤ ᠥᠭᠪᠡ᠃ ᠳᠣᠲᠣᠭᠠᠳᠤ ᠭᠠᠳᠠᠭᠠᠳᠤ ᠶᠢᠨ ᠪᠠᠶᠢᠳᠠᠯ ᠤᠨ ᠰᠢᠬᠠᠮᠳᠠᠭᠤᠯᠭ᠎ᠠ ᠠᠴᠠ ᠪᠣᠯᠵᠤ᠂ ᠪᠠᠷᠠᠭᠤᠨ ᠦᠦᠰᠢᠨ ᠤ ᠴᠡᠷᠢᠭ | ᠠᠩᠭᠢ ᠲᠡᠷᠡ ᠳᠠᠷᠤᠢ ᠳᠤᠨᠢ ᠵᠢᠩᠪᠢᠶᠠᠨ ᠳᠤ ᠤᠬᠤᠷᠢᠨ ᠣᠴᠢᠪᠠ᠃ 4 ᠰᠠᠷ᠎ᠠ ᠶᠢᠨ 1 ᠤ ᠡᠳᠦᠷ᠂ ᠦᠦᠰᠢᠨ ᠬᠤᠰᠢᠭᠤᠨ ᠤ ᠠᠵᠢᠯᠯᠠᠬᠤ ᠬᠤᠷᠢᠶ᠎ᠠ ᠵᠢᠩᠪᠢᠶᠠᠨ | ᠰᠢᠶᠠᠨ ᠤ ᠸᠠᠩ ᠵᠢᠶᠠ ᠬᠠᠨ ᠭᠧᠦ ᠳᠤ ᠠᠵᠢᠯᠯᠠᠬᠤ ᠬᠤᠷᠢᠶ᠎ᠠ ᠶᠢᠨ ᠥᠷᠭᠡᠳᠬᠡᠭᠰᠡᠨ ᠬᠤᠷᠠᠯ ᠬᠤᠷᠠᠯᠳᠤᠭᠤᠯᠵᠤ᠂ ᠪᠠᠷᠠᠭᠤᠨ ᠦᠦᠰᠢᠨ ᠤ ᠴᠡᠷᠢᠭ ᠠᠩᠭᠢ ᠶᠢ | ᠦᠯᠡᠳᠡᠭᠡᠵᠦ᠂ ᠦᠷᠭᠦᠯᠵᠢᠯᠡᠨ ᠫᠠᠷᠲ᠋ᠢᠽᠠᠨ ᠳᠠᠶᠢᠨ ᠥᠷᠨᠢᠭᠦᠯᠬᠦ ᠪᠠᠷ ᠲᠣᠭᠲᠠᠭᠰᠠᠨ ᠪᠥᠭᠡᠳ ᠴᠡᠷᠢᠭ ᠠᠩᠭᠢ ᠶᠢᠨ ᠴᠡᠷᠢᠭ ᠤᠨ ᠶᠠᠪᠤᠳᠠᠯ ᠤᠨ ᠵᠦᠪᠯᠡᠭᠴᠢ ᠶᠢᠨ | ᠳᠠᠷᠤᠭ᠎ᠠ ᠴᠢ ᠹᠦ᠋ ᠯᠦ ᠪᠣᠯᠣᠨ ᠨᠠᠷᠢᠨ ᠪᠢᠴᠢᠭ ᠤᠨ ᠳᠠᠷᠤᠭ᠎ᠠ ᠪᠠᠲᠣᠴᠢᠯᠠᠭᠤ ᠪᠦᠬᠦ ᠲᠠᠯ᠎ᠠ ᠪᠠᠷ ᠬᠠᠷᠢᠭᠤᠴᠠᠬᠤ ᠪᠠᠷ ᠲᠣᠭᠲᠠᠵᠠᠢ᠃ | 1947 ᠣᠨ ᠤ 5 ᠰᠠᠷ᠎ᠠ ᠶᠢᠨ 5 ᠤ ᠡᠳᠦᠷ᠂ ᠶᠡᠭᠡ ᠵᠤᠤ ᠶᠢᠨ ᠴᠢᠭᠤᠯᠭᠠᠨ ᠤ ᠠᠵᠢᠯᠯᠠᠬᠤ ᠬᠤᠷᠢᠶ᠎ᠠ ᠡᠯ᠎ᠡ ᠬᠤᠰᠢᠭᠤᠨ ᠤ ᠬᠤᠪᠢᠰᠬᠠᠯᠲᠤ ᠵᠡᠪᠰᠡᠭᠲᠦ | ᠬᠦᠴᠦᠨ ᠢ ᠶᠡᠭᠡ ᠵᠣᠣ ᠶᠢᠨ ᠴᠢᠭᠤᠯᠭᠠᠨ ᠤ ᠮᠣᠩᠭᠤᠯ ᠬᠢᠲᠠᠳ ᠰᠠᠯᠪᠤᠷᠢ ᠠᠩᠭᠢ ᠭᠡᠵᠦ ᠨᠢᠭᠡᠳᠭᠡᠪᠡ᠃ ᠪᠠᠷᠠᠭᠤᠨ ᠦᠦᠰᠢᠨ ᠤ ᠴᠡᠷᠢᠭ ᠠᠩᠭᠢ ᠶᠢ ᠮᠣᠩᠭᠤᠯ | ᠬᠢᠲᠠᠳ ᠰᠠᠯᠪᠤᠷᠢ ᠠᠩᠭᠢ ᠶᠢᠨ ᠬᠤᠶᠠᠳᠤᠭᠠᠷ ᠶᠡᠭᠡ ᠠᠩᠭᠢ ᠪᠣᠯᠭᠠᠭᠰᠠᠨ ᠪᠣᠯᠪᠠᠴᠤ ᠪᠠᠷᠠᠭᠤᠨ ᠦᠦᠰᠢᠨ ᠤ ᠴᠡᠷᠢᠭ ᠠᠩᠭᠢ ᠶᠢᠨ ᠪᠠᠶᠢᠭᠤᠯᠤᠮᠵᠢ ᠶᠢᠨ ᠳᠦᠷᠢᠮ ᠢ | ᠬᠡᠪ ᠢᠶᠠᠷ ᠨᠢ ᠦᠯᠡᠳᠡᠭᠡᠵᠦ᠂ ᠪᠠᠲᠤᠴᠢᠯᠠᠭᠤ ᠮᠥᠨ ᠨᠠᠷᠢᠨ ᠪᠢᠴᠢᠭ ᠤᠨ ᠳᠠᠷᠤᠭ᠎ᠠ ᠶᠢᠨ ᠲᠤᠰᠢᠶᠠᠯ ᠢ ᠬᠠᠷᠢᠭᠤᠴᠠᠵᠤ ᠪᠠᠶᠢᠭᠰᠠᠨ ᠢᠶᠠᠨ 7 ᠰᠠᠷ᠎ᠠ ᠳᠤ ᠪᠠᠷᠠᠭᠤᠨ | ᠦᠦᠰᠢᠨ ᠤ ᠠᠮᠣᠷ ᠢ ᠬᠠᠮᠠᠭᠠᠯᠠᠬᠤ ᠰᠧᠯᠢᠩᠪᠦ᠋ ᠶᠢᠨ ᠳᠡᠳ᠋ ᠰᠧᠯᠢᠩ ᠢᠶᠠᠷ ᠳᠡᠪᠰᠢᠭᠦᠯᠦᠭᠳᠡᠪᠡ᠃ | 1947 ᠣᠨ ᠤ ᠰᠡᠭᠦᠯᠴᠢ ᠶᠢᠨ ᠬᠠᠭᠠᠰ ᠵᠢᠯ ᠳᠤ᠂ ᠪᠠᠲᠣᠴᠢᠯᠠᠭᠤ ᠡᠪᠡᠳᠴᠢᠨ ᠡᠮᠭᠡᠭ ᠢᠶᠠᠨ ᠬᠠᠶᠢᠬᠤᠷᠤᠯ ᠦᠭᠡᠢ ᠪᠠᠷ ᠴᠡᠷᠢᠭ ᠠᠩᠭᠢ ᠶᠢ ᠲᠠᠭᠠᠨ | ᠾᠧᠨᠠᠨ ᠤ ᠣᠷᠴᠢᠮ ᠢᠶᠠᠷ ᠫᠠᠷᠲ᠋ᠢᠽᠠᠨ ᠳᠠᠶᠢᠨ ᠬᠢᠪᠡ᠃ ᠰᠡᠭᠦᠯᠡᠷ ᠨᠢ ᠲᠡᠭᠦᠨ ᠤ ᠡᠪᠡᠳᠴᠢᠨ ᠨᠢ ᠠᠭᠠᠵᠢᠮ ᠢᠶᠠᠷ ᠬᠦᠨᠳᠦᠷᠡᠵᠦ᠂ ᠵᠣᠬᠢᠶᠠᠨ ᠪᠠᠶᠢᠭᠤᠯᠤᠯᠲᠠ ᠠᠴᠠ | ᠬᠤᠶᠠᠷ ᠬᠠᠷᠠᠭᠤᠯ ᠤᠨ ᠴᠡᠷᠢᠭ ᠲᠣᠮᠢᠯᠠᠨ ᠲᠡᠭᠦᠨ ᠢ ᠭᠡᠷ ᠲᠤᠨᠢ ᠬᠦᠷᠭᠡᠵᠦ ᠰᠤᠪᠢᠯᠠᠭᠤᠯᠪᠠ᠃ ᠰᠠᠷ᠎ᠠ ᠭᠠᠷᠤᠢ ᠶᠢᠨ ᠡᠮᠴᠢᠯᠡᠭᠡ ᠪᠠᠷ ᠳᠠᠮᠵᠢᠭᠠᠳ ᠡᠪᠡᠳᠴᠢᠨ ᠤ | ᠪᠠᠶᠢᠳᠠᠯ ᠨᠢ ᠳᠦᠩᠭᠡᠵᠢ ᠰᠠᠶᠢᠵᠢᠷᠠᠮᠠᠭᠴᠠ ᠲᠡᠷᠡ ᠬᠠᠷᠠᠭᠤᠯ ᠤᠨ ᠴᠡᠷᠢᠭ ᠢᠶᠠᠨ ᠳᠠᠭᠠᠭᠤᠯᠤᠨ᠂ ᠮᠢᠩᠭᠠᠨ ᠪᠡᠷᠬᠡ ᠲᠦᠮᠡᠨ ᠵᠣᠪᠠᠭᠤᠷᠢ ᠶᠢ ᠲᠤᠭᠤᠯᠤᠨ ᠱᠠᠨᠪᠧᠢ ᠶᠢᠨ | ᠦ᠋ ᠴᠢ ᠳᠤ ᠴᠡᠷᠢᠭ ᠠᠩᠭᠢ ᠪᠠᠨ ᠡᠷᠢᠨ ᠣᠯᠵᠤ᠂ ᠡᠪᠦᠯ ᠤᠨ ᠤᠯᠠᠷᠢᠯ ᠤᠨ ︽ᠭᠤᠷᠪᠠ ᠶᠢ ᠪᠠᠶᠢᠴᠠᠭᠠᠬᠤ︾ ᠰᠤᠷᠲᠠᠯ ᠴᠡᠭᠴᠡᠯᠡᠨ ᠪᠣᠯᠪᠠᠰᠤᠷᠠᠭᠤᠯᠬᠤ | ᠬᠥᠳᠡᠯᠭᠡᠭᠡᠨ ᠳᠤ ᠣᠷᠣᠯᠴᠠᠪᠠ᠃ | 1949 ᠣᠨ ᠤ 2 ᠰᠠᠷ᠎ᠠ ᠶᠢᠨ 10 ᠤ ᠡᠳᠦᠷ᠂ ᠵᠡᠭᠦᠨ ᠦᠦᠰᠢᠨ ᠤ ᠨᠠᠶᠢᠷᠠᠮᠳᠠᠯ ᠤᠨ ᠪᠣᠰᠣᠯᠭ᠎ᠠ ᠭᠠᠷᠭᠠᠪᠠ᠃ ᠤᠤᠯ ᠤᠨ ᠦᠦᠰᠢᠨ ᠬᠤᠰᠢᠭᠤᠨ ᠤ | ᠰᠡᠷᠭᠡᠶᠢᠯᠡᠨ ᠬᠠᠮᠠᠭᠠᠯᠠᠬᠤ ᠰᠧᠯᠢᠩᠪᠦ᠋ ᠪᠣᠯᠣᠨ ᠠᠮᠤᠷ ᠢ ᠬᠠᠮᠠᠭᠠᠯᠠᠬᠤ ᠰᠧᠯᠢᠩᠪᠦ᠋ ᠨᠡᠶᠢᠲᠡ ᠨᠠᠢᠮᠠᠨ ᠰᠤᠮᠤ ᠴᠡᠭᠴᠡᠯᠡᠯᠲᠡ ᠪᠠᠷ ᠳᠠᠮᠵᠢᠨ᠂ ᠶᠡᠭᠡ ᠵᠤᠤ ᠶᠢᠨ ᠴᠢᠭᠤᠯᠭᠠᠨ | ᠤ ᠮᠣᠩᠭᠤᠯ ᠬᠢᠲᠠᠳ ᠰᠠᠯᠪᠤᠷᠢ ᠠᠩᠭᠢ ᠶᠢᠨ ᠬᠤᠶᠠᠳᠤᠭᠠᠷ ᠶᠡᠭᠡ ᠠᠩᠭᠢ ᠳᠤ ᠣᠷᠣᠭᠤᠯᠵᠤ᠂ ᠪᠠᠲᠣᠴᠢᠯᠠᠭᠤ ᠶᠢ ᠰᠠᠯᠪᠤᠷᠢ ᠠᠩᠭᠢ ᠶᠢᠨ ᠳᠠᠷᠤᠭ᠎ᠠ ᠪᠠᠷ ᠲᠣᠮᠢᠯᠠᠪᠠ᠃ | ᠲᠡᠷᠡ ᠡᠨᠡ ᠬᠦ ᠰᠠᠯᠠᠭ᠎ᠠ ᠴᠡᠷᠢᠭ ᠠᠩᠭᠢ ᠶᠢ ᠳᠠᠶᠢᠴᠢᠯᠠᠵᠦ᠂ ᠮᠣᠩᠭᠤᠯ ᠬᠢᠲᠠᠳ ᠰᠠᠯᠪᠤᠷᠢ ᠠᠩᠭᠢ ᠶᠢᠨ ᠨᠢᠭᠡᠳᠦᠯᠲᠡᠢ ᠵᠢᠯᠣᠭᠤᠳᠤᠯᠭ᠎ᠠ ᠶᠢᠨ ᠳᠣᠣᠷ᠎ᠠ᠂ ᠵᠢᠶᠦ᠋ᠨ | ᠸᠠᠩ ᠤᠨ ᠬᠤᠰᠢᠭᠤᠨ ᠤ ᠲᠣᠩᠭᠠᠯᠠᠭ ᠣᠷᠴᠢᠮ ᠢᠶᠠᠷ ᠤᠯᠠᠨ ᠤᠳᠠᠭ᠎ᠠ ᠪᠠᠶᠢᠯᠳᠣᠭᠠᠨ ᠬᠢᠵᠦ᠂ ᠭᠤᠮᠢᠨᠳᠠᠩ ᠤᠨ ᠲᠡᠷᠰᠯᠡᠭᠦᠦ ᠵᠡᠪᠰᠡᠭᠲᠦ ᠬᠦᠴᠦᠨ ᠳᠤ ᠬᠦᠨᠳᠦ | ᠴᠣᠬᠢᠯᠲᠠ ᠦᠭᠬᠦᠨ᠂ ᠠᠷᠠᠳ ᠲᠦᠮᠡᠨ ᠤ ᠴᠢᠯᠦᠭᠡᠯᠡᠯᠲᠡ ᠶᠢᠨ ᠦᠢᠯᠡᠰ ᠲᠤ ᠬᠤᠪᠢ ᠨᠡᠮᠡᠷᠢ ᠪᠠᠨ ᠦᠵᠡᠭᠦᠯᠪᠡ᠃ 8 ᠰᠠᠷ᠎ᠠ ᠶᠢᠨ 10 ᠤ ᠡᠳᠦᠷ᠂ ᠦᠦᠰᠢᠨ | ᠬᠤᠰᠢᠭᠤᠨ ᠤ ᠠᠷᠠᠳ ᠤᠨ ᠵᠠᠰᠠᠭ ᠤᠨ ᠣᠷᠳᠣᠨ ᠪᠠᠶᠢᠭᠤᠯᠤᠭᠳᠠᠵᠤ᠂ ᠪᠠᠲᠣᠴᠢᠯᠠᠭᠤ ᠭᠡᠰᠢᠭᠦᠨ ᠢᠶᠠᠷ ᠰᠣᠩᠭᠤᠭᠳᠠᠪᠠ᠃ | 8 ᠰᠠᠷ᠎ᠠ ᠶᠢᠨ 13 ᠤ ᠡᠳᠦᠷ᠂ ᠬᠤᠪᠢᠰᠬᠠᠯ ᠤᠨ ᠴᠡᠷᠢᠭ ᠲᠤ ᠣᠯᠵᠠᠯᠠᠭᠳᠠᠭᠰᠠᠨ ᠭᠤᠮᠢᠨᠳᠠᠩ ᠤᠨ ᠶᠡᠭᠡ ᠵᠤᠤ ᠶᠢᠨ ᠴᠢᠭᠤᠯᠭᠠᠨ ᠤ ᠣᠣᠯ ᠤᠨ ᠰᠡᠷᠭᠡᠶᠢᠯᠡᠨ | ᠬᠠᠮᠠᠭᠠᠯᠠᠬᠤ ᠬᠤᠶᠠᠳᠤᠭᠠᠷ ᠲᠣᠭᠤᠷᠢᠭ ᠤᠨ ᠬᠤᠰᠢᠭᠤᠴᠢ ᠭᠧᠨᠧᠷᠠᠯ ᠰᠧᠯᠢᠩ ᠴᠢ ᠢᠦᠢ ᠱᠠᠨ ᠶᠠᠨ ᠠᠨ ᠠᠴᠠ ᠬᠤᠰᠢᠭᠤᠨ ᠳᠠᠭᠠᠨ ᠪᠤᠴᠠᠵᠤ ᠢᠷᠡᠪᠡ᠃ 9 | ᠰᠠᠷ᠎ᠠ ᠶᠢᠨ 21 ᠤ ᠰᠥᠨᠢ᠂ ᠴᠢ ᠢᠦᠢ ᠱᠠᠨ ᠨᠢᠭᠤᠴᠠ ᠬᠤᠤᠪᠢᠯᠳᠤᠯᠭ᠎ᠠ ᠪᠠᠷ ᠬᠠᠭᠤᠴᠢᠨ ᠴᠡᠷᠢᠭ ᠢᠶᠠᠨ ᠴᠤᠭᠯᠠᠭᠤᠯᠵᠤ ᠵᠡᠪᠰᠡᠭᠲᠦ ᠤᠷᠪᠠᠯᠭ᠎ᠠ ᠭᠠᠷᠭᠠᠪᠠ᠃ | ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ ᠪᠥᠭᠡᠳ ᠬᠤᠶᠠᠳᠤᠭᠠᠷ ᠰᠠᠯᠪᠤᠷᠢ ᠠᠩᠭᠢ ᠶᠢᠨ ᠳᠡᠳ᠋ ᠣᠯᠣᠰ ᠲᠦᠷᠦ ᠶᠢᠨ ᠬᠡᠰᠢᠭᠦᠨ ᠰᠠᠭᠰᠠ ᠰᠢᠷᠦᠭᠦᠨ | ᠪᠠᠶᠢᠯᠳᠤᠭᠠᠨ ᠤ ᠳᠤᠮᠳᠠ ᠪᠠᠭᠠᠲᠤᠷᠯᠢᠭ ᠢᠶᠠᠷ ᠪᠡᠶ᠎ᠡ ᠦᠷᠡᠭᠳᠡᠵᠦ᠂ ᠶᠡᠭᠡ ᠵᠤᠤ ᠶᠢᠨ ᠴᠢᠭᠤᠯᠭᠠᠨ ᠤ ᠬᠤᠶᠠᠳᠤᠭᠠᠷ ᠰᠠᠯᠪᠤᠷᠢ ᠠᠩᠭᠢ ᠶᠢᠨ ᠳᠠᠷᠤᠭ᠎ᠠ ᠪᠠᠲᠤᠴᠢᠯᠠᠭᠤ | ᠬᠦᠨᠳᠦ ᠰᠢᠷᠬᠠᠲᠤᠵᠤ᠂ ᠳᠠᠶᠢᠰᠤᠨ ᠳᠤ ᠬᠤᠤᠷᠯᠠᠭᠳᠠᠨ ᠨᠠᠰᠣ ᠪᠠᠷᠠᠪᠠ᠂ ᠲᠣᠬᠠᠢ ᠶᠢᠨ ᠦᠶ᠎ᠡ ᠳᠤ ᠪᠠᠲᠣᠴᠢᠯᠠᠭᠤ ᠲᠦᠴᠢᠨ ᠲᠠᠪᠤᠳᠠᠢ ᠪᠠᠶᠢᠪᠠ᠃ | ᠪᠠᠲᠣᠴᠢᠯᠠᠭᠤ ᠪᠡᠶ᠎ᠡ ᠦᠷᠡᠭᠳᠡᠭᠰᠡᠨ ᠤ ᠳᠠᠷᠠᠭ᠎ᠠ᠂ ᠶᠡᠭᠡ ᠵᠤᠤ ᠶᠢᠨ ᠴᠢᠭᠤᠯᠭᠠᠨ ᠤ ᠴᠡᠷᠢᠭ ᠤᠨ ᠲᠣᠭᠤᠷᠢᠭ ᠤᠨ ᠤᠳᠤᠷᠢᠳᠤᠯᠭ᠎ᠠ ᠠᠴᠠ ᠪᠠᠲᠣᠴᠢᠯᠠᠭᠤ ᠶᠢᠨ | ᠨᠢᠭᠡ ᠨᠠᠰᠤᠨ ᠤ ᠲᠤᠬᠠᠢ ᠳᠡᠭᠡᠳᠦ ᠬᠡᠮᠵᠢᠶᠡᠨ ᠤ ᠦᠨᠡᠯᠡᠯᠲᠡ ᠬᠢᠵᠦ᠄ ︽ᠪᠠᠷᠠᠭᠤᠨ ᠦᠦᠰᠢᠨ ᠤ ᠴᠡᠷᠢᠭ ᠠᠩᠭᠢ ᠠᠴᠠ ᠮᠣᠩᠭᠤᠯ ᠬᠢᠲᠠᠳ ᠰᠠᠯᠪᠤᠷᠢ ᠠᠩᠭᠢ | ᠬᠦᠷᠲᠡᠯ᠎ᠡ᠂ ᠶᠡᠭᠡ ᠵᠣᠣ ᠶᠢᠨ ᠰᠠᠯᠪᠤᠷᠢ ᠠᠩᠭᠢ ᠠᠴᠠ ᠶᠡᠭᠡ ᠵᠤᠤ ᠶᠢᠨ ᠴᠡᠷᠢᠭ ᠤᠨ ᠲᠣᠭᠤᠷᠢᠭ ᠬᠦᠷᠲᠡᠯ᠎ᠡ᠂ ᠪᠠᠲᠣᠴᠢᠯᠠᠭᠤ ᠪᠣᠯᠣᠨ ᠰᠠᠭᠰᠠ ᠶᠡᠭᠡ ᠵᠣᠣ ᠶᠢᠨ | ᠴᠢᠭᠤᠯᠭᠠᠨ ᠤ ᠴᠢᠯᠦᠭᠡᠯᠡᠬᠦ ᠳᠠᠶᠢᠨ ᠤ ᠪᠦᠬᠦ ᠶᠠᠪᠤᠴᠠ ᠶᠢ ᠥᠩᠭᠡᠷᠡᠭᠦᠯᠵᠡᠢ ᠁ ᠲᠡᠳᠡ ᠥᠪᠡᠷ ᠤᠨ ᠠᠯᠢᠪᠠ ᠪᠦᠬᠦᠨ ᠢᠶᠠᠨ ᠶᠡᠭᠡ ᠵᠤᠤ ᠶᠢᠨ ᠴᠢᠭᠤᠯᠭᠠᠨ ᠤ | ᠠᠷᠠᠳ ᠲᠦᠮᠡᠨ ᠳᠤ ᠬᠠᠷᠠᠮ ᠦᠭᠡᠢ ᠵᠣᠷᠢᠭᠤᠯᠵᠤ᠂ ᠳᠤᠮᠳᠠᠳᠤ ᠤᠯᠤᠰ ᠤᠨ ᠬᠤᠪᠢᠰᠬᠠᠯ ᠳᠤ ᠵᠣᠷᠢᠭᠤᠯᠵᠠᠢ︾᠃ ︽ᠲᠡᠳᠡ ᠪᠣᠯ ᠮᠣᠩᠭᠤᠯ ᠤᠨ ᠠᠷᠠᠳ ᠲᠦᠮᠡᠨ ᠤ | ᠰᠠᠶᠢᠨ ᠬᠥᠪᠡᠭᠦᠨ᠂ ᠮᠥᠨ ᠴᠦ ᠶᠡᠭᠡ ᠵᠤᠤ ᠶᠢᠨ ᠴᠢᠭᠤᠯᠭᠠᠨ ᠤ ᠠᠷᠠᠳ ᠤᠨ ᠴᠢᠯᠦᠭᠡᠯᠡᠬᠦ ᠴᠡᠷᠢᠭ ᠤᠨ ᠳᠣᠲᠣᠷᠠᠬᠢ ᠴᠥᠭᠡᠨ ᠲᠣᠭᠠᠨ ᠤ ᠶᠡᠭᠡ ᠵᠤᠤ ᠶᠢᠨ ᠪᠠᠷᠠᠭᠤᠨ | ᠪᠡᠶ᠎ᠡ ᠠᠴᠠ ᠵᠡᠭᠦᠨ ᠪᠡᠶ᠎ᠡ ᠳᠤ ᠬᠦᠷᠴᠦ ᠠᠷᠠᠳ ᠤᠨ ᠵᠠᠰᠠᠭ ᠢ ᠪᠠᠶᠢᠭᠤᠯᠵᠤ᠂ ᠪᠦᠬᠦ ᠶᠡᠭᠡ ᠵᠤᠤ ᠶᠢᠨ ᠴᠢᠭᠤᠯᠭᠠᠨ ᠢ ᠴᠢᠯᠦᠭᠡᠯᠡᠬᠦ ᠶᠢᠨ ᠲᠥᠯᠥᠭᠡ ᠪᠠᠯᠠᠷᠠᠰᠢ ᠦᠭᠡᠢ | ᠭᠠᠪᠢᠶ᠎ᠠ ᠵᠢᠳᠭᠦᠯ ᠦᠵᠡᠭᠦᠯᠦᠭᠰᠡᠨ ᠠᠷᠠᠳ ᠤᠨ ᠪᠠᠭᠠᠲᠤᠷ ᠪᠣᠯᠣᠨ᠎ᠠ︾ ᠭᠡᠵᠡᠢ᠃ | ︵ᠳ᠋ᠦᠩᠱᠧᠩ ᠤᠨ ᠦᠷᠡᠭᠳᠡᠭᠰᠡᠨ ᠪᠠᠭᠠᠳᠤᠷᠴᠤᠳ ᠤᠨ ᠤᠩᠭᠤᠨ ᠤ ᠬᠠᠮᠠᠭᠠᠯᠠᠯᠳᠠ ᠶᠢᠨ ᠭᠠᠵᠡᠷ ᠠᠴᠠ ᠬᠠᠩᠭᠠᠪᠠ︶ | | | | |