ᠬᠠᠨ ᠮᠢᠩ ᠢᠤᠢ ︵1922 — 1948︶
ᠨᠡᠶᠢᠲᠡᠯᠡᠭᠰᠡᠨ ᠴᠠᠭ᠄
2023/10/24
            ᠬᠠᠨ ᠮᠢᠩ ᠢᠤᠢ ︵1922 — 1948︶᠂ ᠮᠤᠩᠭᠤᠯ ᠦᠨᠳᠤᠰᠤᠳᠠᠨ᠂ ᠶᠡᠭᠡ ᠵᠤᠤ ᠶᠢᠨ ᠴᠢᠭᠤᠯᠭᠠᠨ ᠤ ᠵᠡᠬᠦᠠᠭᠠᠷ ᠬᠤᠰᠢᠭᠤᠨ ᠤ ᠸᠧᠢ ᠵᠢᠶᠠ ᠮᠤᠤ  ᠶᠢᠨ ᠵᠢᠩ ᠽᠢ ᠭᠸᠤ ᠲᠤᠰᠬᠤᠨ ᠤ ᠭᠦᠮᠦᠨ ᠶᠤᠮ᠃ ᠲᠡᠷᠡ ᠶᠠᠳᠠᠭᠤ ᠲᠠᠷᠢᠶᠠᠴᠢᠨ ᠤ ᠭᠡᠷ ᠲᠤ ᠦᠰᠦᠭᠰᠡᠨ ᠪᠤᠯᠬᠤᠷ᠂ ᠪᠠᠭ᠎ᠠ ᠠᠴᠠ ᠪᠠᠨ ᠡᠴᠢᠭᠡ ᠪᠠᠨ ᠲᠠᠭᠠᠵᠤ ᠲᠠᠷᠢᠶᠠᠴᠢᠨ ᠤ ᠬᠦᠳᠡᠯᠮᠤᠷᠢ ᠳᠤ ᠤᠷᠤᠯᠴᠠᠵᠤ᠂ ᠬᠠᠳᠠᠭᠤ ᠴᠢᠩᠭ᠎ᠠ ᠵᠤᠷᠢᠭ ᠰᠦᠰᠤ ᠲᠠᠢ ᠪᠤᠯᠤᠭᠠᠳ᠂ ᠬᠦᠳᠡᠯᠮᠤᠷᠢᠴᠢᠨ ᠠᠷᠠᠳ ᠢ ᠬᠠᠶᠢᠷᠠᠯᠠᠨ ᠡᠨᠡᠷᠢᠬᠦ᠂ ᠭᠠᠵᠠᠷ  ᠤᠨ ᠡᠵᠡᠨ ᠪᠠᠶᠠᠴᠤᠳ ᠢ ᠬᠤᠷᠤᠰᠤᠨ ᠵᠠᠨᠤᠳᠠᠭ ᠢᠯᠡ ᠲᠤᠳᠤ ᠬᠠᠶᠢᠷ᠎ᠠ ᠰᠡᠳᠭᠢᠯᠭᠡ ᠲᠠᠢ ᠪᠤᠯᠤᠭᠰᠠᠨ ᠪᠠᠶᠢᠨ᠎ᠠ᠃   1944 ᠤᠨ ᠳᠤ᠂ ᠬᠠᠨ ᠮᠢᠩ ᠢᠤᠢ ᠲᠤᠮᠳᠠᠳᠤ ᠤᠯᠤᠰ ᠤᠨ ᠡᠪ ᠬᠠᠮᠳᠤ ᠨᠠᠮ ᠤᠨ ᠫᠢᠶᠠᠨ ᠭᠤᠸᠠᠨ ᠰᠢᠶᠠᠨ ᠤ ᠬᠤᠷᠢᠶ᠎ᠠ ᠠᠴᠠ ᠸᠧᠢ ᠵᠢᠶᠠ ᠮᠤᠤ ᠤᠷᠴᠢᠮ  ᠳᠤ ᠲᠤᠮᠢᠯᠠᠨ ᠤᠴᠢᠭᠤᠯᠵᠤ ᠨᠠᠮ ᠤᠨ ᠨᠢᠭᠤᠴᠠ ᠠᠵᠢᠯ ᠭᠢᠯᠭᠡᠵᠦ ᠪᠠᠶᠢᠭᠰᠠᠨ ᠯᠢ ᠸᠧᠨ ᠶᠢᠩ᠂ ᠪᠠᠢ ᠴᠢᠩ ᠶᠤᠸᠠᠨ ᠤ ᠲᠠᠨᠢᠯᠴᠠᠭᠤᠯᠤᠨ   ᠬᠦᠮᠦᠵᠢᠭᠦᠯᠦᠭᠰᠡᠨ ᠢᠶᠠᠷ ᠬᠤᠪᠢᠰᠬᠠᠯ ᠤᠨ ᠠᠵᠢᠯ ᠳᠤ ᠤᠷᠤᠵᠤ᠂ ᠡᠪ ᠬᠠᠮᠳᠤ ᠨᠠᠮ ᠳᠤ ᠡᠯᠰᠡᠭᠳᠡᠭᠰᠡᠨ ᠪᠠᠶᠢᠨ᠎ᠠ᠃ 1945 ᠤᠨ ᠳᠤ᠂ ᠲᠠᠶᠢᠰᠤᠨ ᠤ ᠠᠮᠤᠷ ᠢ ᠬᠠᠮᠠᠭᠠᠯᠠᠬᠤ ᠴᠡᠷᠢᠭ ᠲᠤ ᠴᠤᠬᠢᠨ ᠤᠷᠤᠵᠤ᠂ ᠵᠡᠪᠰᠡᠭᠳᠤ ᠪᠤᠰᠤᠯᠭ᠎ᠠ ᠭᠠᠷᠭᠠᠬᠤ ᠠᠵᠢᠯ ᠢ ᠬᠢᠵᠡᠢ᠃ ᠲᠠᠷᠠᠭ᠎ᠠ ᠵᠢᠯ ᠤᠨ ᠬᠢᠨᠢ 6 ᠰᠠᠷ᠎ᠠ ᠳᠤ᠂ ᠲᠡᠷᠡ ᠲᠤᠰ ᠰᠤᠮᠤᠨ ᠳᠤ ᠪᠠᠶᠢᠭ᠎ᠠ ᠡᠪ ᠬᠠᠮᠳᠤ ᠨᠠᠮ ᠤᠨ ᠭᠡᠰᠢᠬᠦᠨ ᠯᠢ ᠵᠦᠡᠭ ᠮᠢᠨ ᠲᠠᠢ ᠵᠦᠪᠯᠡᠯᠳᠤᠨ᠂ ᠨᠢᠭᠡ ᠪᠦᠯᠦᠭ ᠣᠬᠠᠮᠰᠠᠷᠠᠭᠰᠠᠨ ᠴᠡᠷᠢᠭ ᠢ ᠲᠠᠳᠠᠵᠤ ᠠᠪᠤᠭᠠᠳ ᠬᠠᠳᠤᠨ ᠭᠤᠤᠯ ᠤᠨ ᠵᠡᠬᠦᠨ ᠬᠦᠪᠡᠭᠡᠨ  ᠳᠠᠬᠢ ᠬᠤᠪᠢᠰᠬᠠᠯ ᠤᠨ ᠤᠷᠤᠨ ᠳᠤ ᠲᠤᠳᠠᠭᠠᠨ ᠤᠴᠢᠵᠤ ᠴᠢᠯᠦᠭᠡᠯᠡᠬᠦ ᠴᠡᠷᠢᠭ ᠲᠤ ᠤᠷᠤᠬᠤ ᠪᠠᠷ ᠲᠦᠯᠦᠪᠯᠡᠵᠡᠢ᠃ ᠭᠡᠪᠡᠴᠤ᠂ ᠵᠤᠬᠢᠶᠠᠨ ᠪᠠᠶᠢᠭᠤᠯᠤᠭᠰᠠᠨ ᠨᠢ ᠨᠢᠬᠳᠠ ᠪᠤᠰᠤ ᠪᠤᠯᠤᠭᠠᠳ ᠵᠠᠯᠢᠬᠠᠢ ᠡᠳᠡᠭᠡᠳ ᠤᠷᠪᠠᠨ ᠵᠠᠭᠠᠯᠳᠤᠭᠰᠠᠨ ᠠᠴᠠ ᠪᠤᠯᠵᠤ ᠬᠠᠨ ᠮᠢᠩ ᠢᠤᠢ᠂ ᠯᠢ ᠵᠦᠡᠭ ᠮᠢᠨ᠂ ᠮᠸᠡᠭ ᠢᠤᠢ ᠰᠢᠶᠠᠩ ᠵᠡᠷᠭᠡ ᠬᠦᠮᠦᠰ ᠪᠠᠷᠢᠪᠴᠢᠯᠠᠭᠳᠠᠵᠠᠢ᠃ ᠠᠮᠤᠷ ᠢ ᠬᠠᠮᠠᠭᠠᠯᠠᠬᠤ ᠴᠡᠷᠢᠭ ᠤᠨ ᠰᠤᠮᠤᠨ ᠲᠠᠷᠤᠭ᠎ᠠ ᠬᠤᠤ ᠰᠠᠨ ᠲᠦ᠋ ᠠᠴᠠ ᠲᠡᠳᠡ ᠨᠠᠷ ᠢ ᠬᠠᠷᠭᠢᠰ ᠭᠡᠷᠴᠡᠭᠡᠢ ᠪᠠᠷ ᠡᠷᠡᠬᠦᠳᠡᠨ ᠲᠠᠮᠠᠤᠯᠠᠵᠤ ᠪᠦᠬᠦᠯᠢ ᠪᠡᠶ᠎ᠡ ᠨᠢ ᠡᠷᠡᠬᠦᠯ ᠭᠠᠵᠠᠷ ᠦᠭᠡᠢ ᠪᠤᠯᠳᠠᠯ᠎ᠠ ᠵᠣᠳᠣᠭᠰᠠᠨ ᠪᠤᠯᠪᠠᠴᠤ᠂ ᠨᠠᠮ ᠤᠨ ᠨᠢᠭᠤᠴᠠ ᠶᠢ ᠦᠴᠦᠭᠡᠨ ᠴᠤ ᠵᠠᠳᠠᠷᠠᠭᠤᠯᠤᠭᠰᠠᠨ ᠦᠭᠡᠢ ᠪᠠᠶᠢᠪᠠ᠃ ᠡᠨᠡ ᠦᠶᠡᠰ᠂ ᠨᠠᠮ ᠤᠨ ᠨᠢᠭᠤᠴᠠ ᠵᠤᠬᠢᠶᠠᠨ ᠪᠠᠶᠢᠭᠤᠯᠤᠯᠳᠠ ᠶᠢᠨ ᠬᠠᠷᠢᠭᠤᠴᠠᠯᠭᠠᠳᠠᠨ ᠵᠸᠤ ᠭᠤᠸᠠᠩ ᠴᠢᠶᠠᠨ ᠵᠡᠷᠭᠡ ᠬᠦᠮᠤᠰ ᠲᠡᠭᠡᠭᠰᠢ ᠲᠤᠷᠤᠭᠰᠢ ᠬᠦᠶᠦᠵᠤ᠂ ᠵᠤᠭᠤᠰ ᠮᠦᠡᠭᠬᠦ ᠪᠠᠷ ᠭᠡᠭᠡᠯᠢ ᠬᠠᠭ᠋ᠤᠤᠯᠢ ᠲᠦᠯᠭᠢᠵᠤ ᠪᠠᠶᠢᠭᠠᠳ ᠲᠡᠳᠡ ᠬᠡᠳᠦᠭᠦᠯᠡ ᠶᠢ ᠶᠠᠯ᠎ᠠ ᠦᠭᠡᠢ ᠪᠠᠷ ᠰᠤᠯᠠᠯᠠᠨ ᠲᠠᠯᠪᠢᠭᠤᠯᠵᠠᠢ᠃   1946 ᠤᠨ ᠤ 8 ᠰᠠᠷ᠎ᠠ ᠶᠢᠨ 29 ᠤ ᠡᠳᠦᠷ᠂ ᠲᠡᠳᠡ ᠨᠠᠷ ᠬᠤᠶᠠᠳᠤᠭᠠᠷ ᠤᠳᠠᠭᠠᠨ ᠤ ᠴᠡᠷᠢᠭ ᠤᠨ ᠪᠤᠰᠤᠯᠭ᠎ᠠ ᠭᠠᠷᠭᠠᠬᠤ ᠠᠵᠢᠯ ᠢ ᠬᠢᠵᠡᠢ᠃ ᠬᠠᠨ ᠮᠢᠩ ᠢᠤᠢ᠂ ᠯᠢ ᠵᠦᠡᠭ ᠮᠢᠨ᠂ ᠯᠢ ᠮᠢᠨ ᠯᠢᠶᠠᠩ ᠵᠡᠷᠭᠡ 6 ᠬᠦᠮᠦᠨ ᠭᠤᠤᠯ ᠤᠨ ᠤᠯᠤᠮ ᠤᠨ ᠰᠠᠬᠢᠭᠤᠯ ᠴᠡᠷᠢᠭ ᠤᠨ 11 ᠫᠤᠤ ᠶᠢ ᠤᠯᠵᠠᠯᠠᠵᠤ᠂ 2 ᠴᠡᠷᠢᠭ ᠢ ᠪᠠᠷᠢᠪᠴᠢᠯᠠᠵᠤ ᠠᠪᠤᠭᠠᠳ ᠭᠤᠤᠯ ᠭᠡᠳᠦᠯᠵᠤ ᠴᠢᠯᠦᠭᠡᠯᠡᠬᠦ ᠴᠡᠷᠢᠭ ᠲᠤ ᠤᠷᠤᠵᠠᠢ᠃ ᠮᠦᠨ ᠵᠢᠯ᠂ ᠲᠡᠷᠡ ᠴᠡᠷᠢᠭ ᠲᠠᠭᠠᠵᠤ ᠱᠠᠨ ᠰᠢ ᠶᠢᠨ ᠵᠡᠬᠦᠨ ᠡᠮᠦᠨᠡᠳᠤ ᠶᠢᠨ ᠲᠠᠶᠢᠯᠠᠯᠳᠤᠭᠠᠨ ᠳᠤ ᠤᠷᠤᠯᠴᠠᠭᠠᠳ᠂ ᠫᠤᠤᠳᠠᠵᠤ ᠬᠠᠷᠪᠤᠬᠤ ᠳᠠᠭᠠᠨ ᠤᠨᠤᠮᠠᠭᠠᠢ᠂ ᠪᠠᠶᠢᠯᠳᠤᠭᠠᠨ ᠳᠤ ᠡᠷᠡᠯᠭᠡᠭ ᠪᠠᠭᠠᠳᠤᠷᠯᠢᠭ ᠪᠠᠶᠢᠭᠰᠠᠨ ᠠᠴᠠ ᠱᠠᠨ ᠰᠢ ᠰᠦᠢᠶᠤᠸᠠᠨ ᠤ ᠴᠡᠷᠢᠭ ᠤᠨ ᠬᠤᠪᠢᠶᠠᠷᠢ ᠲᠤᠭᠤᠷᠢᠭ ᠤᠨ ᠰᠠᠶᠢᠰᠢᠶᠠᠯ ᠬᠦᠬᠢᠬᠦᠯᠦᠯ ᠢ ᠤᠯᠵᠠᠢ᠃   1948 ᠤᠨ ᠤ 1 ᠰᠠᠷ᠎ᠠ ᠶᠢᠨ 22 ᠤᠨ ᠡᠳᠦᠷ᠂ ᠵᠠᠬᠦᠠᠭᠠᠷ ᠤᠨ ᠵᠡᠬᠦᠨ ᠭᠡᠰᠡᠭ ᠴᠢᠯᠦᠭᠡᠯᠡᠭᠳᠡᠭᠰᠡᠨ ᠤ ᠲᠠᠷᠠᠭ᠎ᠠ ᠢᠯᠠᠯᠳᠠ ᠶᠢᠨ ᠪᠦᠳᠦᠭᠡᠯ ᠢᠶᠠᠨ ᠬᠠᠮᠠᠭᠠᠯᠠᠬᠤ  ᠶᠢᠨ ᠲᠦᠯᠦᠭᠡ ᠮᠤᠩᠭᠤᠯ ᠬᠢᠳᠡᠳ ᠤᠨ ᠫᠠᠷᠲ᠋ᠢᠽᠠᠨ ᠠᠩᠬᠢ ᠶᠢ ᠪᠠᠶᠢᠭᠤᠯᠵᠤ᠂ ᠬᠠᠨ ᠮᠢᠩ ᠢᠤᠢ ᠠᠩᠬᠢ ᠶᠢᠨ ᠲᠠᠷᠤᠭ᠎ᠠ ᠪᠤᠯᠪᠠ᠃ ᠡᠬᠦᠨ ᠠᠴᠠ ᠬᠤᠶᠢᠰᠢ᠂ ᠲᠡᠷᠡ ᠫᠠᠷᠲ᠋ᠢᠽᠠᠨ ᠠᠩᠬᠢ ᠪᠠᠨ ᠲᠠᠭᠠᠭᠤᠯᠤᠨ ᠵᠡᠬᠦᠠᠭᠠᠷ ᠤᠨ ᠵᠡᠬᠦᠨ ᠭᠡᠰᠡᠭ ᠲᠤ ᠠᠵᠢᠯᠯᠠᠭ᠎ᠠ ᠬᠢᠵᠤ᠂ ᠠᠩᠬᠢ ᠶᠢᠨ ᠲᠠᠶᠢᠰᠤᠨ ᠤ ᠡᠪᠳᠡᠯᠡᠭᠡ ᠶᠢ ᠲᠠᠷᠤᠩᠭᠤᠶᠢᠯᠠᠨ᠂ ᠬᠠᠷᠢᠭᠤ ᠠᠪᠤᠭᠴᠢᠳ ᠤᠨ ᠪᠦᠯᠬᠦᠮ ᠤᠨ ᠲᠠᠭᠠᠷᠢᠯᠳᠠ ᠶᠢ ᠪᠤᠳᠠ ᠴᠤᠬᠢᠵᠤ᠂ ᠪᠠᠶᠠᠴᠤᠳ ᠤᠨ ᠠᠮᠤᠨ ᠬᠦᠮᠦᠷᠭᠡ ᠶᠢ ᠨᠡᠭᠡᠭᠡᠨ ᠦᠯᠦᠰᠬᠦᠯᠠᠩ ᠠᠷᠠᠳ ᠲᠤ ᠲᠦᠭᠡᠭᠡᠨ ᠲᠡᠳᠬᠦᠵᠤ ᠪᠠᠶᠢᠵᠠᠢ᠃   1948 ᠤᠨ ᠤ 3 ᠰᠠᠷ᠎ᠠ ᠶᠢᠨ 23 ᠤ ᠡᠳᠦᠷ᠂ ᠲᠡᠷᠡ ᠫᠠᠷᠲ᠋ᠢᠽᠠᠨ ᠴᠡᠷᠢᠭ ᠢᠶᠠᠨ ᠲᠠᠭᠠᠭᠤᠯᠤᠨ ᠬᠠᠳᠠᠢ ᠭᠤᠤᠯ ᠳᠤ ᠠᠮᠤ ᠪᠤᠳᠠᠭ᠎ᠠ ᠲᠠᠳᠠᠪᠤᠷᠢᠯᠠᠵᠤ ᠶᠠᠪᠤᠵᠤ ᠪᠠᠶᠢᠭᠠᠳ ᠬᠤᠨᠤᠭᠯᠠᠬᠤ ᠦᠶᠡᠰ᠂ ᠬᠤᠪᠢᠰᠬᠠᠯ ᠤᠨ ᠡᠩᠨᠡᠭᠡᠨ ᠳᠤ ᠰᠢᠷᠭᠤᠯᠤᠨ ᠤᠷᠤᠵᠤ ᠢᠷᠡᠭᠰᠡᠨ ᠵᠠᠯᠢᠬᠠᠢ ᠡᠳᠡᠭᠡᠳ ᠬᠤᠤ ᠪᠤᠤ ᠽᠢ᠂ ᠵᠠᠩ ᠴᠢ ᠬᠤᠤᠪᠢᠯᠳᠤᠨ ᠤᠷᠪᠠᠵᠤ᠂ ᠭᠡᠨᠡᠳᠳᠠ ᠪᠠᠷ ᠬᠠᠨ ᠮᠢᠩ ᠢᠤᠢ ᠶᠢ ᠬᠠᠷᠪᠤᠭᠠᠳ ᠪᠠᠷᠠᠭᠤᠨ ᠭᠠᠷ ᠢ ᠨᠢ ᠰᠢᠷᠬᠠᠳᠤᠭᠤᠯᠪᠠ᠃ ᠲᠡᠷᠡ ᠬᠤᠶᠠᠷ ᠤᠷᠪᠠᠭᠴᠢ ᠲᠠᠢ ᠨᠢᠭᠤᠷ ᠲᠣᠯᠣᠨ ᠲᠡᠮᠡᠴᠡᠭᠡᠳ ᠬᠦᠴᠦ ᠲᠠᠮᠢᠷ ᠪᠠᠷᠠᠭᠳᠠᠵᠤ ᠡᠴᠦᠰ ᠲᠡᠭᠡᠨ ᠪᠠᠭᠠᠳᠤᠷᠯᠢᠭ ᠢᠶᠠᠷ ᠪᠡᠶ᠎ᠡ ᠦᠷᠡᠭᠳᠡᠵᠡᠢ᠃ ᠪᠡᠶ᠎ᠡ ᠦᠷᠡᠭᠳᠡᠬᠦ ᠦᠶ᠎ᠡ ᠳᠤ ᠬᠠᠨ ᠮᠢᠩ ᠢᠤᠢ ᠰᠠᠶ᠋ᠢ ᠬᠤᠷᠢᠨ ᠵᠢᠷᠭᠤᠭᠠᠬᠠᠨ ᠨᠠᠰᠤᠳᠠᠢ ᠪᠠᠶᠢᠭᠰᠠᠨ ᠪᠢᠯᠠ᠃
ᠢᠷᠡᠯᠲᠡ᠄ ᠳᠤᠰ ᠰᠦᠯᠵᠢᠶ᠎ᠡ