ᠪᠤᠰᠤᠳ ᠬᠥᠮᠦᠨ ᠤ ᠰᠠᠭᠤᠭᠰᠠᠨ ᠰᠠᠨᠳᠠᠯᠢ ᠳᠡᠭᠡᠷ᠎ᠡ ᠰᠠᠭᠤᠪᠡᠯ ᠡᠪᠡᠳᠴᠢᠨ ᠬᠠᠯᠳᠠᠪᠤᠷᠢᠯᠠᠨ᠎ᠠ ᠤᠤ︖
ᠨᠡᠶᠢᠲᠡᠯᠡᠭᠰᠡᠨ ᠴᠠᠭ᠄
2023/1/2
     ᠨᠡᠶᠢᠲᠡ ᠶᠢᠨ ᠮᠠᠰᠢᠨ ᠲᠡᠷᠭᠡ᠂ ᠭᠠᠵᠠᠷ ᠳᠣᠣᠷᠠᠬᠢ ᠲᠡᠮᠦᠷ ᠵᠠᠮ᠂ ᠴᠡᠴᠡᠷᠯᠢᠭ ᠵᠡᠷᠭᠡ ᠣᠯᠠᠨ ᠨᠡᠶᠢᠲᠡ ᠶᠢᠨ ᠭᠠᠵᠠᠷ ᠲᠤ ᠪᠤᠰᠤᠳ ᠬᠥᠮᠦᠨ ᠤ ᠰᠠᠭᠤᠭᠰᠠᠨ ᠰᠠᠨᠳᠠᠯᠢ ᠲᠡᠭᠡᠷ᠎ᠡ ᠰᠠᠭᠤᠬᠤ ᠨᠢ ᠵᠠᠶᠢᠯᠠᠰᠢ ᠦᠭᠡᠢ ᠶᠤᠮ᠃ ᠡᠭᠦᠨ ᠳᠤ ᠶᠠᠭᠤ ᠶᠢ ᠠᠩᠬᠠᠷᠪᠠᠯ ᠵᠣᠬᠢᠬᠤ ᠪᠣᠶ︖      ᠬᠡᠷᠪᠡ ᠲᠡᠬᠦᠨ ᠤ ᠠᠷᠠᠰᠤ ᠨᠢ ᠰᠠᠨᠳᠠᠯᠢ ᠪᠤᠶᠤ ᠰᠠᠨᠳᠠᠯᠢ ᠶᠢᠨ ᠲᠦᠰᠢᠯᠭᠡ ᠳᠡᠭᠡᠷ᠎ᠡ ᠰᠢᠭᠤᠳ ᠬᠦᠷᠦᠯᠴᠡᠭᠰᠡᠨ ᠪᠠᠶᠢᠪᠠᠯ᠂ ᠰᠠᠨᠳᠠᠯᠢ ᠳᠡᠭᠡᠷ᠎ᠡ ᠲᠡᠬᠦᠨ ᠤ ᠬᠠᠭ᠂ ᠬᠥᠯᠥᠰᠥ ᠵᠡᠷᠭᠡ ᠨᠢ ᠦᠯᠡᠳᠡᠬᠦ ᠪᠣᠯᠤᠯᠴᠠᠭ᠎ᠠ ᠲᠠᠢ᠃ ᠰᠠᠨᠳᠠᠯᠢ ᠳᠡᠭᠡᠷᠡᠬᠢ ᠡᠳᠡᠭᠡᠷ ᠦᠢᠯᠡᠳᠦᠭᠳᠡᠯ ᠪᠣᠳᠠᠰ ᠨᠢ ᠬᠤᠪᠢ ᠬᠥᠮᠦᠨ ᠤ ᠡᠷᠡᠭᠦᠯ ᠮᠡᠨᠳᠦ ᠳᠤ ᠰᠦᠷᠳᠡᠭᠦᠯᠦᠯ ᠪᠣᠯᠬᠤ ᠦᠭᠡᠢ ᠶᠤᠮ᠃ ᠭᠡᠪᠡᠴᠦ ᠵᠠᠷᠢᠮ ᠡᠪᠡᠳᠴᠢᠨ ᠡᠭᠦᠰᠭᠡᠭᠴᠢ᠂ ᠵᠢᠱᠢᠶᠡᠯᠡᠪᠡᠯ ᠪᠠᠺᠲ᠋ᠧᠷᠢ ᠂ ᠬᠠᠮᠠᠭᠤ᠂ ᠢᠯᠢᠳᠦ ᠵᠡᠷᠭᠡ ᠶᠢᠨ ᠡᠪᠡᠳᠴᠢᠲᠡᠨ ᠤ ᠡᠪᠡᠳᠴᠢᠯᠡᠭᠰᠡᠨ ᠬᠡᠰᠡᠭ ᠨᠢ ᠪᠦᠷᠢᠮᠦᠰᠦᠨ ᠡᠳᠡᠭᠡᠷᠡᠭᠡᠳᠦᠢ ᠨᠥᠬᠦᠴᠡᠯ ᠳᠣᠣᠷ᠎ᠠ ᠰᠢᠭᠤᠳ ᠰᠠᠨᠳᠠᠯᠢ ᠳᠡᠭᠡᠷ᠎ᠡ ᠬᠦᠷᠦᠯᠴᠡᠭᠰᠡᠨ ᠪᠣᠯ ᠳᠠᠷᠠᠭ᠎ᠠ ᠰᠠᠭᠤᠭᠰᠠᠨ ᠬᠥᠮᠦᠨ ᠤ ᠠᠷᠠᠰᠤᠨ ᠳᠤ ᠬᠦᠷᠦᠯᠴᠡᠪᠡᠯ ᠳᠠᠷᠤᠢ ᠬᠠᠯᠳᠠᠪᠤᠷᠢᠯᠠᠬᠤ ᠪᠣᠯᠤᠯᠴᠠᠭ᠎ᠠ ᠲᠠᠢ᠃ ᠰᠠᠨᠳᠠᠯᠢ ᠳᠡᠭᠡᠷ᠎ᠡ ᠰᠠᠭᠤᠬᠤ ᠨᠢ ᠬᠤᠰᠬᠢᠨᠠᠭ ᠪᠤᠶᠤ ᠰᠢᠭᠡᠰᠦᠨ ᠰᠦᠪᠡ ᠪᠠᠷ ᠳᠠᠮᠵᠢᠬᠤ ᠡᠪᠡᠳᠴᠢᠨ ᠢ ᠠᠮᠠᠷᠬᠠᠨ ᠲᠠᠷᠬᠠᠭᠠᠬᠤ ᠦᠭᠡᠢ᠃ ᠥᠩᠭᠡᠨ ᠡᠪᠡᠳᠴᠢᠨ᠂ ᠵᠢᠱᠢᠶᠡᠯᠡᠪᠡᠯ ᠲᠡᠮᠪᠤᠤ ᠡᠪᠡᠳᠴᠢᠨ᠂ ᠠᠶᠢᠽ ᠡᠪᠡᠳᠴᠢᠨ ᠵᠡᠷᠭᠡ᠂ ᠲᠡᠳᠡᠭᠡᠷ ᠤᠨ ᠬᠠᠯᠳᠠᠪᠤᠷᠢᠯᠠᠬᠤ ᠵᠠᠮ ᠨᠢ ᠭᠤᠣᠯᠳᠠᠭᠤ ᠭᠤᠷᠪᠠᠨ ᠵᠦᠢᠯ ᠪᠠᠶᠢᠳᠠᠭ᠄ ᠬᠤᠷᠢᠴᠠᠯ ᠤᠨ ᠠᠵᠢᠯᠯᠠᠭ᠎ᠠ᠂ ᠴᠢᠰᠤ᠂ ᠡᠬᠡ ᠨᠢᠯᠬᠠᠰ ᠢᠶᠠᠷ ᠰᠢᠭᠤᠳ ᠲᠠᠷᠬᠠᠭᠠᠨ᠎ᠠ᠃ ᠰᠠᠨᠳᠠᠯᠢ ᠲᠡᠭᠡᠷ᠎ᠡ ᠰᠠᠭᠤᠬᠤ ᠨᠢ ᠦᠩᠭᠡᠨ ᠤ ᠡᠪᠡᠳᠴᠢᠨ ᠬᠠᠯᠳᠠᠪᠤᠷᠢᠯᠠᠬᠤ ᠦᠭᠡᠢ᠃      ᠪᠤᠰᠤᠳ ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠲᠠᠯᠠᠪᠤᠷ᠂ ᠵᠢᠱᠢᠶᠡᠯᠡᠪᠡᠯ ᠵᠣᠷᠯᠣᠩ ᠤᠨ ᠰᠠᠭᠤᠳᠠᠯ᠂ ᠴᠠᠬᠢᠯᠭᠠᠨ ᠱᠠᠲᠤ ᠪᠠ ᠭᠠᠵᠠᠷ ᠳᠤᠤᠷᠠᠬᠢ ᠲᠡᠮᠦᠷ ᠵᠠᠮ ᠤᠨ ᠲᠦᠰᠢᠭᠦᠷ᠂ ᠤᠮᠪᠠᠯᠲᠠ ᠶᠢᠨ ᠭᠠᠵᠠᠷ ᠵᠡᠷᠭᠡ ᠨᠢ ᠴᠥᠮ ᠣᠯᠠᠨ ᠨᠡᠶᠢᠲᠡ ᠶᠢᠨ ᠲᠠᠯᠠᠪᠤᠷ ᠪᠣᠯᠤᠨ᠎ᠠ᠃ ᠠᠷᠢᠭᠤᠨ ᠴᠡᠪᠡᠷ ᠤᠨ ᠨᠥᠬᠦᠴᠡᠯ ᠢᠶᠠᠷ ᠠᠨᠠᠶ ᠵᠣᠷᠯᠣᠩ ᠢ ᠠᠯᠢ ᠴᠢᠳᠠᠬᠤ ᠪᠠᠷ ᠬᠡᠷᠡᠭᠯᠡᠬᠦ ᠥᠬᠡᠶ ᠪᠠᠶᠢᠪᠠᠯ ᠵᠤᠬᠢᠨ᠎ᠠ᠃  
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠵᠠᠰᠠᠭ ᠤᠨ ᠣᠷᠳᠣᠨ ᠤ ᠰᠦᠯᠵᠢᠶ᠎ᠡ