ᠳ᠋ᠦᠩᠱᠧᠩ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ᠢ ᠪᠠᠶᠢᠭᠤᠯᠬᠤ ᠲᠤᠬᠠᠶ ᠣᠷᠳᠣᠰ ᠬᠤᠲᠠ ᠶᠢᠨ ᠳ᠋ᠦᠩᠱᠧᠩ ᠲᠣᠭᠤᠷᠢᠭ ᠤᠨ ᠠᠷᠠᠳ  ᠤᠨ ᠵᠠᠰᠠᠭ ᠤᠨ ᠣᠷᠳᠣᠨ ᠤ ᠠᠯᠪᠠᠨ ᠬᠡᠷ ᠤᠨ ᠮᠡᠳᠡᠭᠳᠡᠯ
ᠨᠡᠶᠢᠲᠡᠯᠡᠭᠰᠡᠨ ᠴᠠᠭ᠄
2022/6/25
                ᠳ᠋ᠦᠩᠱᠧᠩ ᠵᠠᠰᠠᠭ ᠠᠯᠪᠠᠨ ᠲᠠᠷᠬᠠᠭᠠᠭᠰᠠᠨ  ﹇2022﹈ 35 ᠳ᠋ᠤᠭᠠᠷ ᠲᠣᠭᠠᠲᠤ ᠡᠯ᠎ᠡ ᠬᠤᠯᠪᠣᠭᠳᠠᠯ ᠪᠦᠬᠦᠢ ᠪᠠᠶᠢᠭᠤᠯᠭ᠎ᠠ ᠨᠢᠬᠡᠴᠡ᠂ ᠰᠠᠯᠠᠭ᠎ᠠ ᠮᠥᠴᠢᠷ ᠲᠤ᠄     ᠮᠠᠨ ᠤ ᠲᠤᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠠᠵᠢᠯ ᠢ ᠤᠯᠠᠮ ᠨᠢᠭᠡ ᠠᠯᠬᠤᠮ ᠴᠢᠩᠭᠠᠳᠬᠠᠵᠤ᠂ ᠣᠷᠳᠣᠰ ᠤᠨ ︽ᠲᠣᠮᠣ ᠬᠤᠲᠠ︾ ᠶᠢᠨ ᠪᠠᠶᠢᠷᠢᠰᠢᠯ ᠢ ᠪᠠᠶᠢᠭᠤᠯᠤᠨ ᠲᠡᠭᠦᠯᠳᠡᠷᠵᠢᠭᠦᠯᠵᠦ᠂ ᠬᠤᠲᠠ ᠶᠢᠨ ᠬᠠᠮᠢᠶᠠᠷᠤᠯᠲᠠ ᠳᠠᠬᠢ ᠴᠢᠬᠤᠯᠠ ᠶᠡᠭᠡ ᠠᠰᠠᠭᠤᠳᠠᠯ ᠢ ᠨᠢᠭᠡᠳᠦᠯᠲᠡᠶ ᠲᠥᠯᠥᠪᠯᠡᠨ ᠵᠣᠬᠢᠴᠠᠭᠤᠯᠵᠤ ᠰᠢᠶᠳᠪᠦᠷᠢᠯᠡᠨ᠂ ᠵᠢᠯ ᠪᠦᠷᠢ ᠶᠢᠨ ᠪᠥᠬᠦ ᠤᠯᠤᠰ ᠤᠨ ᠪᠣᠯᠪᠠᠰᠤᠨ ᠬᠤᠲᠠ᠂ ᠤᠯᠤᠰ ᠤᠨ ᠡᠷᠡᠭᠦᠯ ᠬᠠᠮᠠᠭᠠᠯᠠᠯ ᠤᠨ ᠬᠤᠲᠠ ᠶᠢ ᠳᠠᠬᠢᠨ ᠪᠠᠶᠢᠴᠠᠭᠠᠵᠤ ᠳᠠᠬᠢᠨ ᠬᠢᠨᠠᠬᠤ ᠠᠵᠢᠯ ᠢ ᠴᠢᠨᠠᠷ ᠰᠠᠶᠢᠲᠠᠶ ᠪᠡᠶᠡᠯᠡᠭᠦᠯᠬᠦ ᠶᠢ ᠦᠨᠡᠨᠬᠦ ᠪᠠᠲᠤᠯᠠᠵᠤ᠂ ᠪᠥᠬᠦ ᠤᠯᠤᠰ ᠤᠨ ᠪᠣᠯᠪᠠᠰᠤᠨ ᠬᠤᠲᠠ᠂ ᠤᠯᠤᠰ ᠤᠨ ᠡᠷᠡᠭᠦᠯ ᠬᠠᠮᠠᠭᠠᠯᠠᠯ ᠤᠨ ᠬᠤᠲᠠ ᠶᠢᠨ ᠢᠷᠠᠭᠤ ᠠᠯᠳᠠᠷ ᠢ ᠣᠷᠳᠣ ᠬᠤᠭᠤᠴᠠᠭ᠎ᠠ ᠪᠠᠷ ᠪᠠᠲᠤᠯᠠᠨ᠂ ᠪᠥᠬᠦ ᠤᠯᠤᠰ ᠤᠨ ᠪᠣᠯᠪᠠᠰᠤᠨ ᠨᠡᠶᠢᠲᠡᠯᠢᠭ ᠬᠤᠲᠠ ᠶᠢ ᠴᠢᠷᠮᠠᠶᠢᠨ ᠡᠬᠦᠳᠤᠨ ᠪᠠᠶᠢᠭᠤᠯᠵᠤ᠂ ᠴᠡᠴᠡᠷᠯᠢᠭ  ᠤᠨ ᠬᠤᠲᠠ ᠶᠢ ᠪᠥᠲᠥᠭᠡᠨ ᠪᠠᠶᠢᠭᠤᠯᠬᠤ ᠶᠢ ᠠᠬᠢᠭᠤᠯᠬᠤ ᠶᠢᠨ ᠲᠤᠰᠠᠳᠠ᠂ ᠳ᠋ᠦᠩᠱᠧᠩ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠠᠴᠠ ᠣᠷᠳᠣᠰ ᠬᠤᠲᠠ ᠶᠢᠨ ᠳ᠋ᠦᠩᠱᠧᠩ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ︵ᠳᠣᠷᠣᠭᠰᠢ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ᠭᠡᠵᠦ ᠨᠡᠷᠡᠶᠢᠳᠦᠨ᠎ᠡ︶ ᠢ ᠪᠠᠶᠢᠭᠤᠯᠬᠤ ᠪᠠᠷ ᠲᠣᠭᠲᠠᠪᠠ᠂ ᠡᠳᠦᠭᠡ ᠬᠤᠯᠪᠣᠭᠳᠠᠯ ᠪᠦᠬᠦᠢ ᠤᠴᠢᠷ ᠢ ᠳᠣᠣᠷᠠᠬᠢ ᠮᠡᠲᠦ ᠮᠡᠳᠡᠭᠳᠡᠶ᠎ᠡ᠃ᠨᠢᠭᠡ᠂ ᠪᠦᠷᠢᠯᠳᠦᠬᠦᠨ  ᠡᠷᠬᠢᠯᠡᠭᠴᠢ᠄ ᠬᠠᠨ ᠲᠤᠤ        ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠲᠣᠭᠤᠷᠢᠭ ᠤᠨ ᠳᠠᠷᠤᠭ᠎ᠠ ᠳᠡᠳ᠋ ᠡᠷᠬᠢᠯᠡᠭᠴᠢ᠄ ᠵᠠᠩ ᠵᠢᠶᠠᠨ ᠭᠦᠩ       ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠲᠤᠭᠤᠷᠢᠭ ᠤᠨ ᠳᠡᠳ᠋  ᠳᠠᠷᠤᠭ᠎ᠠ ᠭᠡᠰᠢᠭᠦᠨ᠄ ᠪᠠᠶ ᠬᠠᠶ ᠺᠤᠸᠠᠨ        ᠬᠠᠨᠲᠠᠶ ᠪᠠᠯᠭᠠᠰᠤᠨ ᠤ ᠳᠠᠷᠤᠭ᠎ᠠ ᠯᠢᠦ ᠬᠠᠶ                       ᠪᠤᠷᠵᠠᠩᠨᠠᠭᠤᠷ ᠪᠠᠯᠭᠠᠰᠤᠨ ᠤ ᠳᠠᠷᠤᠭ᠎ᠠᠶᠠᠨ ᠮᠢᠨ                       ᠲᠦᠩᠴᠤᠸᠠᠨ ᠪᠠᠯᠭᠠᠰᠤᠨ ᠤ ᠳᠠᠷᠤᠭ᠎ᠠᠵᠠᠩ ᠯᠦᠩ                   ᠲᠣᠭᠤᠷᠢᠭ ᠤᠨ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠤᠨ ᠳᠡᠳ᠋ ᠳᠠᠷᠤᠭ᠎ᠠ᠂ ᠲᠣᠭᠤᠷᠢᠭ ᠤᠨ ᠣᠶᠤᠨ ᠤ ᠪᠣᠯᠪᠠᠰᠤᠨ  ᠤ ᠪᠠᠶᠢᠭᠤᠯᠤᠯᠲᠠ ᠶᠢᠨ ᠵᠥᠪᠯᠡᠯ ᠤᠨ ᠠᠯᠪᠠᠨ ᠭᠡᠷ ᠤᠨ ᠡᠷᠬᠢᠯᠡᠭᠴᠢ ᠳ᠋ᠦ᠋ ᠵᠢᠶ ᠺᠤᠸᠠᠨ                ᠲᠣᠭᠤᠷᠢᠭ ᠤᠨ ᠵᠠᠰᠠᠭ ᠤᠨ ᠣᠷᠳᠣᠨ ᠤ ᠠᠯᠪᠠᠨ ᠬᠡᠷ ᠤᠨ ᠡᠷᠬᠢᠯᠡᠭᠴᠢ  ᠴᠧᠩ ᠹᠧᠢ ᠫᠧᠩ               ᠲᠣᠭᠤᠷᠢᠭ ᠤᠨ ᠵᠠᠰᠠᠭ ᠤᠨ ᠣᠷᠳᠣᠨ ᠤ ᠠᠯᠪᠠᠨ ᠬᠡᠷ ᠤᠨ ᠳᠡᠳ᠋ ᠡᠷᠬᠢᠯᠡᠭᠴᠢ ᠯᠢᠦ ᠸᠧᠨ ᠪᠢᠨ                ᠲᠣᠭᠤᠷᠢᠭ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠡᠷᠬᠢᠯᠡᠭᠴᠢ  ᠴᠢᠦᠢ ᠭᠤᠸᠠᠩ ᠷᠦᠩ           ᠲᠣᠭᠤᠷᠢᠭ ᠤᠨ ᠰᠤᠷᠭᠠᠨ ᠬᠥᠮᠦᠵᠢᠯ ᠪᠡᠶ᠎ᠡ ᠲᠠᠮᠢᠷ ᠤᠨ ᠲᠣᠪᠴᠢᠶᠠᠨ ᠤ ᠳᠠᠷᠤᠭ᠎ᠠ ᠲᠡᠮᠦᠷ                ᠲᠣᠭᠤᠷᠢᠭ ᠤᠨ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ ᠤᠨ ᠡᠷᠬᠢᠯᠡᠭᠴᠢ  ᠴᠠᠩ ᠵᠢᠶᠦ᠋ᠨ ᠹᠠᠩ       ᠲᠣᠭᠤᠷᠢᠭ ᠤᠨ ᠠᠷᠠᠳ ᠤᠨ ᠶᠠᠪᠤᠳᠠᠯ ᠤᠨ ᠲᠣᠪᠴᠢᠶᠠᠨ ᠤ ᠳᠠᠷᠤᠭ᠎ᠠ ᠯᠢ ᠴᠢᠶᠠᠨ               ᠲᠣᠭᠤᠷᠢᠭ ᠤᠨ ᠬᠠᠤᠯᠢ ᠴᠠᠭᠠᠵᠠ ᠶᠢᠨ ᠲᠣᠪᠴᠢᠶᠠᠨ ᠤ ᠳᠠᠷᠤᠭ᠎ᠠ  ᠸᠠᠩ ᠮᠢᠩ ᠶᠢᠩ         ᠲᠣᠭᠤᠷᠢᠭ ᠤᠨ ᠲᠠᠷᠢᠶᠠᠯᠠᠩ ᠮᠠᠯ ᠠᠵᠤ ᠠᠬᠤᠶ ᠶᠢᠨ ᠲᠣᠪᠴᠢᠶᠠᠨ ᠤ ᠳᠠᠷᠤᠭ᠎ᠠ ᠭᠤᠤ ᠶᠦᠨ ᠱᠧᠩ        ᠲᠣᠭᠤᠷᠢᠭ ᠤᠨ ᠡᠳ᠋ ᠤᠨ ᠵᠠᠰᠠᠭ ᠤᠨ ᠲᠣᠪᠴᠢᠶᠠᠨ ᠤ ᠳᠠᠷᠤᠭ᠎ᠠ ᠭᠤᠤ ᡁᠢ ᠯᠢᠶᠠᠩ       ᠲᠣᠭᠤᠷᠢᠭ ᠤᠨ ᠣᠷᠣᠨ ᠰᠠᠭᠤᠴᠠ ᠪᠠ ᠬᠤᠲᠠ ᠬᠥᠳᠡᠭᠡ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶᠠᠨ ᠤ ᠳᠠᠷᠤᠭ᠎ᠠ ᠶᠤᠸᠠᠨ ᡁᠢ ᠵᠢᠶᠦ᠋ᠨ       ᠲᠣᠭᠤᠷᠢᠭ ᠤᠨ ᠵᠠᠮ ᠬᠠᠷᠢᠯᠴᠠᠭᠠᠨ ᠤ ᠲᠣᠪᠴᠢᠶᠠᠨ ᠤ ᠳᠠᠷᠤᠭ᠎ᠠᠴᠢ ᠶᠦᠩ ᠮᠢᠩ         ᠲᠣᠭᠤᠷᠢᠭ ᠤᠨ ᠤᠰᠤᠨ ᠠᠰᠢᠭᠯᠠᠯᠲᠠ ᠶᠢᠨ ᠲᠣᠪᠴᠢᠶᠠᠨ ᠤ ᠳᠠᠷᠤᠭ᠎ᠠ ᠯᠢᠨ ᠪᠥᠸᠧ ᠵᠢᠶᠦ᠋ᠨ     ᠲᠣᠭᠤᠷᠢᠭ ᠤᠨ ᠬᠤᠳᠠᠯᠳᠤᠭᠠᠨ ᠤ ᠶᠠᠪᠤᠳᠠᠯ ᠤᠨ ᠲᠣᠪᠴᠢᠶᠠᠨ ᠤ ᠳᠠᠷᠤᠭ᠎ᠠᠯᠢᠦᠶ ᠨᠠ               ᠲᠣᠭᠤᠷᠢᠭ ᠤᠨ ᠰᠣᠶᠣᠯ ᠵᠢᠭᠤᠯᠴᠢᠯᠠᠯ ᠤᠨ ᠲᠣᠪᠴᠢᠶᠠᠨ ᠤ ᠳᠠᠷᠤᠭ᠎ᠠ ᠯᠢᠦ ᠲᠢᠶᠧ ᠬᠤᠶ        ᠲᠣᠭᠤᠷᠢᠭ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ ᠵᠥᠪᠯᠡᠯ ᠤᠨ ᠡᠷᠬᠢᠯᠡᠭᠴᠢ ᠵᠠᠩ ᠰᠢᠶᠤᠤ ᠯᠦᠩ      ᠲᠣᠭᠤᠷᠢᠭ ᠤᠨ ᠡᠨᠧᠷᠭᠢ ᠶᠢᠨ ᠲᠣᠪᠴᠢᠶᠠᠨ ᠤ ᠳᠠᠷᠤᠭ᠎ᠠ ᠯᠢᠦ ᠵᠢᠶᠠᠨ             ᠲᠣᠭᠤᠷᠢᠭ ᠤᠨ ᠵᠠᠬ᠎ᠠ ᠳᠡᠯᠭᠡᠭᠦᠷ ᠤᠨ ᠬᠢᠨᠠᠨ ᠬᠠᠮᠢᠶᠠᠷᠤᠯᠲᠠ ᠶᠢᠨ ᠲᠣᠪᠴᠢᠶᠠᠨ ᠤ ᠳᠠᠷᠤᠭ᠎ᠠ ᠽᠢ ᠶᠦᠩ ᠪᠢᠨ         ᠲᠣᠭᠤᠷᠢᠭ ᠤᠨ ᠵᠠᠬᠢᠳᠠᠯ ᠰᠤᠷᠪᠤᠯᠵᠢᠯᠠᠭ᠎ᠠ ᠶᠢᠨ ᠲᠣᠪᠴᠢᠶᠠᠨ ᠤ ᠳᠠᠷᠤᠭ᠎ᠠᠬᠤᠤ ᠵᠢᠶ ᠵᠢᠶᠦ᠋ᠨ   ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ ᠲᠣᠪᠴᠢᠶᠠᠨ ᠤ ᠤᠯᠤᠰ ᠲᠥᠷᠥ ᠶᠢᠨ ᠭᠡᠰᠢᠭᠦᠨ  ᠯᠢᠦ ᠢᠦ᠋ᠢ         ᠲᠣᠭᠤᠷᠢᠭ ᠤᠨ ᠪᠠᠶᠢᠴᠠᠭᠠᠬᠤ ᠬᠤᠷᠢᠶᠠᠨ ᠤ ᠪᠠᠶᠢᠩᠭᠤ ᠶᠢᠨ ᠳᠡᠳ᠋ ᠪᠠᠶᠢᠴᠠᠭᠠᠭᠴᠢ ᠳᠠᠷᠤᠭ᠎ᠠ ᠮᠢᠶᠣᠣ ᠹᠠᠨ ᠱᠧᠩ   ᠲᠣᠭᠤᠷᠢᠭ ᠤᠨ ᠠᠷᠠᠳ ᠤᠨ ᠰᠢᠭᠦᠬᠦ ᠬᠤᠷᠢᠶᠠᠨ ᠤ ᠳᠡᠳ᠋ ᠳᠠᠷᠤᠭ᠎ᠠ ᠯᠦ ᠹᠧᠩ           ᠥᠭᠡᠯᠦᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠰᠦᠨ ᠭᠦᠸᠧ ᠴᠢᠤᠸᠠᠨ  ᠵᠠᠮ ᠬᠠᠷᠢᠯᠴᠠᠭᠠᠨ ᠤ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠯᠢᠦ ᠱᠤ᠋ ᠶᠦᠨ         ᠴᠡᠴᠡᠷᠯᠢᠭ ᠤᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠺᠠᠩ ᠰᠢᠶᠤᠤ ᠫᠢᠩ       ᠯᠢᠨ ᠶᠢᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠵᠢᠶᠤᠤ ᠭᠤᠸᠠᠩ ᠯᠢᠨ     ᠪᠥᠲᠥᠭᠡᠨ ᠪᠠᠶᠢᠭᠤᠯᠤᠯᠲᠠ ᠶᠢᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢᠯᠢᠦᠶ ᠶᠠᠩ        ᠹᠦ᠋ ᠰᠢᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠃ᠵᠠᠩ ᠯᠢ ᠵᠢᠶᠦ᠋ᠨ      ᠲᠢᠶᠠᠨ ᠵᠢᠶᠤᠤ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠢ ᠯᠢ ᠵᠢᠶᠧ      ᠪᠠᠶᠠᠨᠮᠥ᠋ᠩᠬᠡ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠴᠢᠨ ᠭᠤᠸᠠᠨ ᠴᠢᠶᠦ᠋ᠩ      ᠰᠢᠩ ᠱᠧᠩ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠯᠢ ᠸᠠᠨ ᠢ         ᠨᠡᠬᠡᠮᠡᠯ ᠤᠨ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠬᠠᠨ ᠰᠢᠶᠤᠤ        ᠦᠨᠳᠦᠰᠦᠲᠡᠨ ᠤ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ ᠸᠠᠩ ᠶᠦᠩ ᠫᠢᠩ     ᠰᠢᠩ ᠹᠦ᠋ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠡᠷᠬᠢᠯᠡᠭᠴᠢ  ᠸᠠᠩ ᠱᠧᠩ ᠷᠦᠩ    ᠲᠣᠭᠤᠷᠢᠭ ᠤᠨ ᠪᠠᠶᠢᠭᠠᠯᠢ ᠶᠢᠨ ᠡᠬᠢ ᠪᠠᠶᠠᠯᠢᠭ ᠤᠨ ᠬᠤᠪᠢᠶᠠᠷᠢ ᠲᠣᠪᠴᠢᠶᠠᠨ ᠤ ᠳᠠᠷᠤᠭ᠎ᠠ ᠵᠠᠩ ᠶᠦᠩ     ᠲᠣᠭᠤᠷᠢᠭ ᠤᠨ ᠠᠮᠢ ᠠᠬᠤᠶ ᠣᠷᠴᠢᠨ ᠲᠣᠭᠤᠷᠢᠨ ᠤ ᠬᠤᠪᠢᠶᠠᠷᠢ ᠲᠣᠪᠴᠢᠶᠠᠨ ᠤ ᠳᠠᠷᠤᠭ᠎ᠠ ᠯᠢ ᠬᠤᠩ        ᠳ᠋ᠦᠩᠱᠧᠩ ᠲᠣᠭᠤᠷᠢᠭ ᠤᠨ ᠴᠠᠬᠢᠯᠭᠠᠨ ᠬᠠᠩᠭᠠᠬᠤ ᠺᠣᠮᠫᠠᠨᠢ ᠶᠢᠨ ᠳᠠᠭᠠᠭᠠᠮᠠᠯ ᠵᠠᠩ ᠨᠠᠨ       ᠳ᠋ᠦᠩᠱᠧᠩ ᠤᠨ ᠲᠢᠶᠧ ᠰᠢ ᠴᠠᠬᠢᠯᠭᠠᠨ ᠬᠠᠩᠭᠠᠬᠤ ᠬᠤᠪᠢᠶᠠᠷᠢ ᠺᠣᠮᠫᠠᠨᠢ ᠶᠢᠨ ᠳᠠᠭᠠᠭᠠᠮᠠᠯ ᠵᠠᠩ ᠯᠦ        ᠲᠣᠭᠤᠷᠢᠭ ᠤᠨ ᠣᠷᠣᠨ ᠰᠠᠭᠤᠴᠠ ᠶᠢᠨ ᠪᠠᠲᠤᠯᠠᠭ᠎ᠠ ᠶᠢᠨ ᠶᠡᠷᠦᠩᠬᠡᠶᠢᠯᠡᠭᠰᠡᠨ ᠦᠶᠯᠡᠴᠢᠯᠡᠭᠡᠨ ᠤ ᠲᠥᠪ ᠤᠨ ᠡᠷᠬᠢᠯᠡᠭᠴᠢ ᠬᠠᠨ ᠵᠢᠶᠦ᠋ᠨ     ᠲᠣᠭᠤᠷᠢᠭ ᠤᠨ ᠴᠡᠴᠡᠷᠯᠢᠭᠵᠢᠬᠦᠯᠦᠯᠳᠠ ᠨᠣᠭᠤᠭᠠᠷᠠᠭᠤᠯᠤᠯᠲᠠ ᠶᠢᠨ ᠦᠶᠯᠡᠰ ᠤᠨ ᠬᠥᠭᠵᠢᠯᠲᠡ ᠶᠢᠨ ᠲᠥᠪ ᠤᠨ ᠡᠷᠬᠢᠯᠡᠭᠴᠢ ᠯᠢᠦ ᠬᠠᠶ ᠪᠢᠩ     ᠲᠣᠭᠤᠷᠢᠭ ᠤᠨ ᠬᠡᠷ ᠪᠠᠶᠢᠰᠢᠩ ᠲᠠᠲᠠᠪᠤᠷᠢᠯᠠᠬᠤ ᠦᠶᠯᠡᠴᠢᠯᠡᠭᠡᠨ ᠤ ᠲᠥᠪ ᠤᠨ ᠡᠷᠬᠢᠯᠡᠭᠴᠢ ᠯᠢᠦ ᠬᠠᠶ ᠯᠦᠩ    ᠲᠣᠭᠤᠷᠢᠭ ᠤᠨ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠦᠶᠯᠡᠰ ᠤᠨ ᠦᠶᠯᠡᠴᠢᠯᠡᠭᠡᠨ ᠤ ᠲᠥᠪ ᠤᠨ ᠡᠷᠬᠢᠯᠡᠭᠴᠢ ᠺᠠᠩ ᠵᠥᠩ ᠷᠦᠩ    ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠠᠰᠠᠭ ᠵᠠᠬᠢᠷᠭᠠᠨ ᠤ ᠶᠡᠷᠦᠩᠬᠡᠶᠢᠯᠡᠭᠰᠡᠨ ᠬᠠᠤᠯᠢ ᠬᠡᠷᠡᠭᠵᠢᠭᠦᠯᠬᠦ ᠲᠣᠪᠴᠢᠶᠠᠨ ᠤ ᠳᠠᠷᠤᠭ᠎ᠠ ᠮᠠ ᠶᠢᠩ ᠴᠦᠨ     ᠲᠣᠭᠤᠷᠢᠭ ᠤᠨ ᠲᠣᠮᠣ ᠳ᠋ᠠᠶᠢᠲ᠋ᠠ ᠶᠢᠨ ᠲᠥᠪ ᠤᠨ ᠡᠷᠬᠢᠯᠡᠭᠴᠢ ᠱᠧᠨ ᠵᠤᠤ ᠳ᠋ᠢ    ᠳᠤᠮᠳᠠᠳᠤ ᠤᠯᠤᠰ ᠤᠨ ᠰᠢᠯᠵᠢᠮᠡᠯ ᠬᠤᠯᠪᠣᠭᠠᠨ ᠤ ᠳ᠋ᠦᠩᠱᠧᠩ ᠲᠣᠭᠤᠷᠢᠭ ᠲᠠᠬᠢ ᠬᠤᠪᠢᠶᠠᠷᠢ ᠺᠣᠮᠫᠠᠨᠢ ᠶᠢᠨ ᠶᠡᠷᠦᠩᠬᠡᠶ ᠳᠠᠭᠠᠭᠠᠮᠠᠯ ᠯᠢ ᠳ᠋ᠦᠩ ᠬᠤᠶ    ᠳᠤᠮᠳᠠᠳᠤ ᠤᠯᠤᠰ ᠤᠨ ᠨᠡᠭᠦᠳᠡᠯ ᠬᠤᠯᠪᠣᠭᠠᠨ ᠤ ᠲᠢᠶᠧ ᠰᠢ ᠬᠤᠪᠢᠶᠠᠷᠢ ᠺᠣᠮᠫᠠᠨᠢ ᠶᠢᠨ ᠶᠡᠷᠦᠩᠬᠡᠶ ᠳᠠᠭᠠᠭᠠᠮᠠᠯ ᠯᠢᠦ ᠮᠧᠶ ᠰᠢᠶᠠ    ᠳᠤᠮᠳᠠᠳᠤ ᠤᠯᠤᠰ ᠤᠨ ᠴᠠᠬᠢᠯᠭᠠᠨ ᠬᠤᠯᠪᠣᠭᠠᠨ ᠤ ᠳ᠋ᠦᠩᠱᠧᠩ ᠲᠣᠭᠤᠷᠢᠭ ᠲᠠᠬᠢ ᠡᠵᠡᠩᠨᠡᠯᠲᠡ ᠶᠢᠨ ᠭᠠᠵᠡᠷ ᠤᠨ ᠶᠡᠷᠦᠩᠬᠡᠶ ᠳᠠᠭᠠᠭᠠᠮᠠᠯ ᠸᠠᠩ ᠯᠢ ᠫᠢᠩ    ᠳᠤᠮᠳᠠᠳᠤ ᠤᠯᠤᠰ ᠤᠨ ᠴᠠᠬᠢᠯᠭᠠᠨ ᠬᠤᠯᠪᠣᠭᠠᠨ ᠤ ᠲᠢᠶᠧ ᠰᠢ ᠡᠵᠡᠩᠨᠡᠯᠲᠡ ᠶᠢᠨ ᠭᠠᠵᠡᠷ ᠤᠨ ᠶᠡᠷᠦᠩᠬᠡᠢ ᠳᠠᠭᠠᠭᠠᠮᠠᠯᠾᠧ ᠰᠢᠩ    ᠳᠤᠮᠳᠠᠳᠤ ᠤᠯᠤᠰ ᠤᠨ ᠨᠢᠭᠡᠳᠦᠮᠡᠯ ᠬᠤᠯᠪᠣᠭ᠎ᠠ ᠶᠢᠨ ᠳ᠋ᠦᠩᠱᠧᠩ ᠲᠣᠭᠤᠷᠢᠭ ᠲᠠᠬᠢ ᠡᠵᠡᠩᠨᠡᠨ ᠪᠣᠷᠣᠯᠠᠭᠤᠯᠬᠤ ᠦᠢᠯᠡᠴᠢᠯᠡᠭᠡᠨ ᠤ ᠲᠥᠪ ᠤᠨ ᠳᠠᠭᠠᠭᠠᠮᠠᠯᠬᠤᠶᠠᠷ᠂ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ᠤᠨ ᠭᠤᠤᠯ ᠠᠵᠢᠯ ᠤᠨ ᠲᠤᠰᠢᠶᠠᠯ ᠬᠠᠷᠢᠭᠤᠴᠠᠯᠭ᠎ᠠ       ︵ᠨᠢᠭᠡ︶ ᠬᠤᠲᠠ ᠶᠢᠨ ᠬᠠᠮᠢᠶᠠᠷᠤᠯᠲᠠ ᠶᠢᠨ ᠲᠤᠬᠠᠶ ᠤᠯᠤᠰ᠂ ᠥᠪᠡᠷᠲᠡᠭᠡᠨ ᠵᠠᠰᠠᠬᠤ ᠣᠷᠣᠨ ᠤ ᠬᠠᠤᠯᠢ ᠴᠠᠭᠠᠵᠠ᠂ ᠬᠠᠤᠯᠢ ᠲᠣᠭᠲᠠᠭᠠᠯ᠂ ᠳᠦᠷᠢᠮ ᠲᠣᠭᠲᠠᠭᠠᠯ ᠵᠢᠴᠢ ᠲᠤᠭᠤᠷᠢᠭ ᠤᠨ ᠨᠠᠮ ᠤᠨ ᠬᠤᠷᠢᠶ᠎ᠠ᠂ ᠲᠤᠭᠤᠷᠢᠭ ᠤᠨ ᠵᠠᠰᠠᠭ ᠤᠨ ᠣᠷᠳᠣᠨ ᠤ ᠰᠢᠶᠳᠪᠦᠷᠢᠲᠦ ᠪᠣᠳᠣᠯᠭ᠎ᠠ ᠪᠠᠶᠢᠷᠢᠯᠠᠭᠤᠯᠤᠯᠲᠠ ᠪᠣᠯᠤᠨ ᠠᠵᠢᠯ  ᠤᠨ ᠱᠠᠭᠠᠷᠳᠠᠯᠭ᠎ᠠ ᠶᠢ ᠤᠯᠠᠮᠵᠢᠯᠠᠬᠤ᠂ ᠰᠤᠳᠤᠯᠬᠤ᠂ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢ ᠬᠠᠷᠢᠭᠤᠴᠠᠨ᠎ᠠ᠃     ︵ᠬᠤᠶᠠᠷ︶ ᠬᠤᠲᠠ ᠶᠢᠨ ᠬᠠᠮᠢᠶᠠᠷᠤᠯᠲᠠ ᠶᠢᠨ ᠲᠤᠮᠳᠠ ᠤᠷᠲᠤ ᠬᠤᠭᠤᠴᠠᠭᠠᠨ ᠤ ᠲᠥᠯᠥᠪᠵᠢᠭᠦᠯᠭᠡ ᠶᠢ ᠰᠤᠳᠤᠯᠵᠤ᠂ ᠬᠤᠲᠠ ᠶᠢᠨ ᠬᠠᠮᠢᠶᠠᠷᠤᠯᠲᠠ ᠶᠢᠨ ᠠᠵᠢᠯ ᠤᠨ ᠬᠠᠷᠠᠯᠲᠠ ᠪᠣᠯᠤᠨ ᠬᠠᠮᠢᠶᠠᠷᠤᠯᠲᠠ ᠶᠢᠨ ᠪᠠᠷᠢᠮᠵᠢᠶ᠎ᠠ ᠶᠢ ᠲᠣᠭᠲᠠᠭᠠᠵᠤ᠂ ᠬᠤᠲᠠ ᠶᠢᠨ ᠬᠠᠮᠢᠶᠠᠷᠤᠯᠲᠠ ᠶᠢᠨ ᠴᠢᠬᠤᠯᠠ ᠶᠡᠭᠡ ᠠᠵᠢᠯ ᠢ ᠵᠠᠳᠠᠯᠤᠨ ᠰᠤᠳᠤᠯᠬᠤ ᠬᠠᠮᠳᠤ ᠪᠠᠶᠢᠷᠢᠯᠠᠭᠤᠯᠤᠨ᠎ᠠ᠃     ︵ᠭᠤᠷᠪᠠ︶ ᠬᠤᠲᠠ ᠶᠢᠨ ᠬᠠᠮᠢᠶᠠᠷᠤᠯᠲᠠ ᠶᠢ ᠨᠢᠭᠡᠳᠦᠯᠲᠡᠶ ᠲᠦᠯᠦᠪᠯᠡᠨ ᠲᠥᠯᠥᠪᠵᠢᠭᠦᠯᠬᠦ᠂ ᠠᠵᠢᠯ ᠢ ᠵᠢᠯᠣᠭᠤᠳᠬᠤ᠂ ᠶᠡᠷᠦᠩᠬᠡᠶᠢᠯᠡᠨ ᠵᠣᠬᠢᠴᠠᠭᠤᠯᠬᠤ᠂ ᠬᠢᠨᠠᠯᠲᠠ ᠲᠠᠯᠪᠢᠵᠤ ᠪᠠᠶᠢᠴᠠᠭᠠᠬᠤ᠂ ᠬᠢᠨᠠᠨ ᠰᠢᠯᠭᠠᠵᠤ ᠰᠢᠯᠭᠠᠷᠠᠭᠤᠯᠬᠤ ᠵᠡᠷᠭᠡ ᠠᠵᠢᠯ ᠢ ᠬᠠᠷᠢᠭᠤᠴᠠᠨ᠎ᠠ᠃     ︵ᠳᠥᠷᠪᠡ︶ ᠬᠤᠲᠠ ᠶᠢᠨ ᠬᠠᠮᠢᠶᠠᠷᠤᠯᠲᠠ ᠶᠢᠨ ᠴᠢᠬᠤᠯᠠ ᠶᠡᠭᠡ ᠠᠰᠠᠭᠤᠳᠠᠯ ᠢ ᠰᠤᠳᠤᠯᠤᠨ ᠰᠢᠶᠳᠪᠦᠷᠢᠯᠡᠵᠦ᠂ ᠬᠤᠲᠠ ᠶᠢᠨ ᠬᠠᠮᠢᠶᠠᠷᠤᠯᠲᠠ ᠪᠣᠯᠤᠨ ᠶᠡᠷᠦᠩᠬᠡᠶᠢᠯᠡᠨ ᠴᠡᠭᠴᠡᠯᠡᠨ ᠵᠠᠰᠠᠬᠤ ᠪᠡᠯᠡ ᠮᠥᠩᠭᠦ ᠵᠡᠷᠭᠡ ᠶᠢ ᠴᠤᠭᠯᠠᠭᠤᠯᠤᠨ᠎ᠠ᠃ ᠭᠤᠷᠪᠠ᠂ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ᠤᠨ ᠠᠯᠪᠠᠨ ᠬᠡᠷ ᠵᠢᠴᠢ ᠭᠤᠤᠯ ᠠᠵᠢᠯ ᠤᠨ ᠲᠤᠰᠢᠶᠠᠯ ᠬᠠᠷᠢᠭᠤᠴᠠᠯᠭ᠎ᠠ     ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ᠤᠨ ᠳᠣᠤᠷ᠎ᠠ ᠠᠯᠪᠠᠨ ᠭᠡᠷ ᠪᠠᠶᠢᠭᠤᠯᠵᠤ᠂ ᠬᠤᠲᠠ ᠶᠢᠨ ᠬᠠᠮᠢᠶᠠᠷᠤᠯᠲᠠ ᠶᠢᠨ ᠵᠥᠪᠯᠡᠯ ᠤᠨ ᠡᠳᠦᠷ ᠲᠤᠲᠤᠮ ᠤᠨ ᠠᠵᠢᠯ ᠢ ᠬᠠᠷᠢᠭᠤᠴᠠᠨ᠎ᠠ᠃ ᠠᠯᠪᠠᠨ ᠭᠡᠷ ᠢ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠲᠣᠪᠴᠢᠶ᠎ᠠ ᠳᠤ ᠭᠠᠷᠭᠠᠵᠤ᠂ ᠠᠯᠪᠠᠨ ᠭᠡᠷ ᠤᠨ ᠡᠷᠬᠢᠯᠡᠭᠴᠢ ᠶᠢᠨ ᠲᠤᠰᠢᠶᠠᠯ ᠢ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ  ᠵᠠᠰᠠᠭ ᠵᠠᠬᠢᠷᠭᠠᠨ  ᠤ ᠶᠡᠷᠦᠩᠬᠡᠶᠢᠯᠡᠭᠰᠡᠨ ᠬᠠᠤᠯᠢ ᠬᠡᠷᠡᠭᠵᠢᠭᠦᠯᠬᠦ ᠲᠤᠪᠴᠢᠶᠠᠨ ᠤ ᠳᠠᠷᠤᠭ᠎ᠠ ᠺᠠᠩ ᠵᠥᠩ ᠷᠦᠩ ᠬᠠᠪᠰᠤᠷᠭᠠᠨ ᠡᠭᠦᠷᠭᠡᠯᠡᠨ᠎ᠡ᠃ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ᠤᠨ ᠠᠯᠪᠠᠨ ᠭᠡᠷ ᠤᠨ ᠭᠤᠤᠯ ᠲᠤᠰᠢᠶᠠᠯ ᠬᠠᠷᠢᠭᠤᠴᠠᠯᠭ᠎ᠠ ᠨᠢ ᠳᠣᠤᠷᠠᠬᠢ ᠮᠡᠲᠦ᠃     ︵ᠨᠢᠭᠡ︶ ᠬᠤᠲᠠ ᠶᠢᠨ ᠬᠠᠮᠢᠶᠠᠷᠤᠯᠲᠠ ᠶᠢᠨ ᠠᠵᠢᠯ ᠤᠨ ᠬᠠᠮᠢᠶ᠎ᠠ ᠪᠦᠬᠦᠢ ᠲᠥᠷᠥ ᠶᠢᠨ ᠪᠣᠳᠣᠯᠭ᠎ᠠ ᠶᠢ ᠲᠤᠭᠤᠷᠪᠢᠬᠤ ᠶᠢ ᠬᠠᠷᠢᠭᠤᠴᠠᠵᠤ᠂ ᠬᠤᠲᠠ ᠶᠢᠨ ᠶᠡᠷᠦᠩᠬᠡᠶᠢᠯᠡᠨ ᠴᠡᠭᠴᠡᠯᠡᠨ ᠵᠠᠰᠠᠬᠤ ᠲᠤᠮᠳᠠ ᠤᠷᠲᠤ ᠬᠤᠭᠤᠴᠠᠭᠠᠨ ᠤ ᠲᠥᠯᠥᠪᠵᠢᠭᠦᠯᠭᠡ᠂ ᠲᠤᠰᠬᠠᠶ ᠲᠥᠯᠥᠪᠵᠢᠭᠦᠯᠭᠡ᠂ ᠠᠵᠢᠯ ᠤᠨ ᠬᠠᠷᠠᠯᠲᠠ᠂ ᠬᠡᠷᠡᠭᠵᠢᠭᠦᠯᠬᠦ ᠲᠥᠰᠦᠯ ᠢ ᠵᠣᠬᠢᠶᠠᠨ ᠪᠠᠶᠢᠭᠤᠯᠤᠨ ᠨᠠᠶᠢᠷᠠᠭᠤᠯᠤᠨ ᠵᠣᠬᠢᠶᠠᠨ᠎ᠠ᠃     ︵ᠬᠤᠶᠠᠷ︶ ᠬᠤᠲᠠ ᠶᠢᠨ ᠬᠠᠮᠢᠶᠠᠷᠤᠯᠲᠠ ᠶᠢᠨ ᠤᠷᠲᠤ ᠬᠤᠭᠤᠴᠠᠭᠠᠨ ᠤ ᠲᠣᠭᠲᠠᠴᠠ ᠶᠢ ᠪᠠᠶᠢᠭᠤᠯᠤᠨ ᠪᠦᠷᠢᠨᠰᠢᠭᠦᠯᠬᠦ ᠶᠢ ᠬᠠᠷᠢᠭᠤᠴᠠᠵᠤ᠂ ᠬᠤᠲᠠ ᠶᠢᠨ ᠦᠵᠡᠮᠵᠢ ᠣᠷᠴᠢᠨ ᠲᠣᠭᠤᠷᠢᠨ ᠢ ᠲᠤᠰᠬᠠᠶ ᠴᠡᠭᠴᠡᠯᠡᠨ ᠵᠠᠰᠠᠬᠤ ᠠᠵᠢᠯ ᠢ ᠠᠬᠢᠭᠤᠯᠤᠨ᠎ᠠ᠃    ︵ᠭᠤᠷᠪᠠ︶ ᠬᠤᠲᠠ ᠶᠢᠨ ᠬᠠᠮᠢᠶᠠᠷᠤᠯᠲᠠ ᠳᠠᠬᠢ ᠡᠭᠦᠷᠭᠡ ᠴᠢᠳᠠᠪᠤᠷᠢ ᠰᠣᠯᠪᠢᠴᠠᠬᠤ᠂ ᠬᠠᠮᠢᠶᠠᠷᠤᠯᠲᠠ ᠬᠤᠭᠤᠰᠣᠨ ᠪᠠᠶᠢᠬᠤ ᠵᠢᠴᠢ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠵᠡᠷᠭᠡ ᠲᠠᠯ᠎ᠠ ᠶᠢᠨ ᠠᠰᠠᠭᠤᠳᠠᠯ ᠤᠨ ᠲᠤᠬᠠᠢ ᠬᠤᠯᠪᠣᠭᠳᠠᠯ ᠪᠦᠬᠦᠢ ᠰᠠᠯᠠᠭ᠎ᠠ ᠮᠥᠴᠢᠷ ᠢ ᠵᠣᠬᠢᠶᠠᠨ ᠪᠠᠶᠢᠭᠤᠯᠤᠨ ᠰᠤᠳᠤᠯᠤᠨ ᠵᠣᠬᠢᠴᠠᠭᠤᠯᠵᠤ᠂ ᠰᠢᠶᠳᠪᠦᠷᠢᠯᠡᠬᠦ ᠲᠥᠰᠦᠯ ᠳᠤᠷᠠᠳᠤᠨ᠂ ᠬᠠᠮᠢᠶᠠᠷᠤᠯᠲᠠ ᠶᠢᠨ ᠬᠠᠷᠢᠭᠤᠴᠠᠯᠭ᠎ᠠ ᠶᠢ ᠲᠣᠳᠣᠷᠬᠠᠶᠢᠯᠠᠵᠤ᠂ ᠬᠠᠮᠢᠶ᠎ᠠ ᠪᠦᠬᠦᠢ ᠠᠵᠢᠯ ᠤᠨ ᠲᠣᠭᠲᠠᠴᠠ ᠶᠢ ᠪᠠᠶᠢᠭᠤᠯᠤᠨ᠎ᠠ᠃    ︵ᠳᠥᠷᠪᠡ︶ ᠬᠤᠲᠠ ᠶᠢᠨ ᠬᠠᠮᠢᠶᠠᠷᠤᠯᠲᠠ ᠶᠢᠨ ᠰᠢᠮᠳᠠᠭᠤᠯᠤᠨ ᠪᠠᠶᠢᠴᠠᠭᠠᠬᠤ᠂ ᠬᠢᠨᠠᠨ ᠰᠢᠯᠭᠠᠬᠤ᠂ ᠠᠳᠠᠯᠢᠳᠬᠠᠨ ᠰᠢᠯᠭᠠᠷᠠᠭᠤᠯᠬᠤ ᠠᠵᠢᠯ ᠢ ᠬᠠᠷᠢᠭᠤᠴᠠᠨ ᠵᠣᠬᠢᠶᠠᠨ ᠪᠠᠶᠢᠭᠤᠯᠤᠨ ᠥᠷᠨᠢᠭᠦᠯᠵᠦ᠂ ᠬᠤᠲᠠ ᠶᠢᠨ ᠬᠠᠮᠢᠶᠠᠷᠤᠯᠲᠠ ᠶᠢᠨ ᠬᠢᠨᠠᠨ ᠰᠢᠯᠭᠠᠵᠤ ᠠᠳᠠᠯᠢᠳᠬᠠᠨ ᠰᠢᠯᠭᠠᠷᠠᠭᠤᠯᠤᠭᠰᠠᠨ ᠦᠷ᠎ᠡ ᠳ᠋ᠦᠩ ᠢ ᠲᠣᠭᠲᠠᠮᠠᠯ ᠬᠤᠭᠤᠴᠠᠭ᠎ᠠ ᠲᠠᠢ ᠪᠠᠷ ᠨᠡᠶᠢᠳᠡᠯᠡᠬᠦ ᠪᠠ ᠬᠤᠲᠠ ᠶᠢᠨ ᠬᠠᠮᠢᠶᠠᠷᠤᠯᠲᠠ ᠳᠠᠬᠢ ᠠᠰᠠᠭᠤᠳᠠᠯ ᠢ ᠵᠠᠳᠠᠯᠤᠨ᠎ᠠ︔ ᠲᠣᠭᠠᠴᠢᠯᠠᠭᠰᠠᠨ ᠬᠤᠲᠠ ᠶᠢᠨ ᠬᠠᠮᠢᠶᠠᠷᠤᠯᠲᠠ ᠶᠢ ᠮᠥᠷᠳᠡᠨ ᠰᠢᠮᠳᠠᠭᠤᠯᠤᠨ ᠪᠠᠶᠢᠴᠠᠭᠠᠬᠤ᠂ ᠰᠢᠯᠭᠠᠨ ᠬᠢᠨᠠᠵᠤ ᠰᠢᠯᠭᠠᠷᠠᠭᠤᠯᠬᠤ ᠵᠡᠷᠭᠡ ᠬᠠᠮᠢᠶ᠎ᠠ ᠪᠦᠬᠦᠢ ᠠᠵᠢᠯ ᠢ ᠬᠠᠷᠢᠭᠤᠴᠠᠨ᠎ᠠ︔ ᠡᠯ᠎ᠡ ᠪᠠᠯᠭᠠᠰᠤ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠴᠤᠭᠯᠠᠭᠤᠯᠤᠭᠰᠠᠨ ᠮᠡᠳᠡᠭᠡ ᠵᠠᠩᠭᠢ ᠶᠢ ᠡᠯ᠎ᠡ ᠪᠦᠷᠢᠯᠳᠦᠬᠦᠨ ᠨᠢᠭᠡᠴᠡ ᠳᠤ ᠲᠣᠮᠢᠯᠠᠨ ᠬᠦᠷᠭᠡᠬᠦ ᠶᠢ ᠬᠠᠷᠢᠭᠤᠴᠠᠨ᠎ᠠ᠃     ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ᠤᠨ ᠡᠯ᠎ᠡ ᠪᠦᠷᠢᠯᠳᠦᠭᠦᠨ ᠨᠢᠭᠡᠴᠡ ᠨᠢ ᠠᠵᠢᠯ ᠤᠨ ᠬᠤᠪᠢᠶᠠᠷᠢᠯᠠᠯ ᠶᠣᠰᠣᠭᠠᠷ ᠲᠣᠰ ᠲᠣᠰ ᠤᠨ ᠬᠤᠲᠠ ᠶᠢᠨ ᠬᠠᠮᠢᠶᠠᠷᠤᠯᠲᠠ ᠶᠢᠨ ᠲᠤᠰᠢᠶᠠᠯ ᠬᠠᠷᠢᠭᠤᠴᠠᠯᠭ᠎ᠠ ᠪᠠᠨ ᠭᠦᠢᠴᠡᠳᠬᠡᠨ᠎ᠡ᠃ ᠡᠭᠦᠨ ᠠᠴᠠ ᠬᠤᠶᠢᠰᠢ᠂ ᠲᠤᠭᠤᠷᠢᠭ  ᠤᠨ ᠤᠳᠤᠷᠢᠳᠤᠯᠭ᠎ᠠ ᠶᠢ ᠭᠠᠷᠭᠠᠪᠠᠯ᠂ ᠪᠤᠰᠤᠳ ᠬᠥᠮᠥᠰ ᠬᠤᠪᠢᠷᠠᠯᠲᠠ ᠭᠠᠷᠬᠤ ᠳᠤ ᠬᠦᠷᠪᠡᠯ᠂ ᠲᠡᠭᠦᠨ ᠤ ᠵᠠᠰᠠᠭ ᠵᠠᠬᠢᠷᠭᠠᠨ ᠤ ᠲᠤᠰᠢᠶᠠᠯ ᠢ ᠣᠷᠣᠯᠠᠨ ᠬᠠᠷᠢᠭᠤᠴᠠᠵᠤ ᠪᠠᠶᠢᠭ᠎ᠠ ᠬᠥᠮᠥᠰ ᠥᠪᠡᠷᠰᠡᠳ ᠢᠶᠠᠨ ᠣᠷᠣᠯᠠᠨ ᠬᠠᠷᠢᠭᠤᠴᠠᠨ᠎ᠠ᠂ ᠠᠰ ᠲᠤᠨᠢ ᠠᠯᠪᠠᠨ ᠪᠢᠴᠢᠭ ᠢᠶᠠᠷ ᠮᠡᠳᠡᠭᠳᠡᠬᠦ ᠦᠬᠡᠢ᠃    ᠡᠯ᠎ᠡ ᠪᠦᠷᠢᠯᠳᠦᠭᠦᠨ ᠨᠢᠭᠡᠴᠡ ᠨᠢ ᠨᠢᠭᠡ ᠬᠤᠯᠪᠣᠭᠠᠴᠢᠨ ᠲᠣᠬᠢᠷᠠᠭᠤᠯᠤᠨ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ᠵᠢᠴᠢ ᠠᠯᠪᠠᠨ ᠭᠡᠷ ᠤᠨ ᠬᠠᠮᠢᠶ᠎ᠠ ᠪᠦᠬᠦᠢ ᠠᠵᠢᠯ ᠤᠨ ᠶᠠᠪᠤᠳᠠᠯ ᠢ ᠵᠣᠯᠭᠠᠭᠤᠯᠬᠤ ᠶᠢ ᠬᠠᠷᠢᠭᠤᠴᠠᠭᠤᠯᠬᠤ ᠶᠢᠨ ᠬᠠᠮᠲᠤ 2022 ᠣᠨ ᠤ 6 ᠰᠠᠷ᠎ᠠ ᠶᠢᠨ 24 ᠤ ᠡᠳᠦᠷ ᠠᠴᠠ ᠡᠮᠦᠨ᠎ᠡ ᠲᠣᠰ ᠨᠢᠭᠡᠴᠡ ᠶᠢᠨ ᠬᠤᠯᠪᠣᠭᠠᠴᠢᠨ ᠵᠢᠴᠢ ᠬᠠᠷᠢᠯᠴᠠᠬᠤ ᠠᠷᠭ᠎ᠠ ᠮᠠᠶ᠋ᠢᠭ ᠢᠶᠠᠨ ᠲᠣᠭᠤᠷᠢᠭ ᠤᠨ ᠬᠤᠲᠠ ᠶᠢᠨ ᠬᠠᠮᠢᠶᠠᠷᠤᠯᠲᠠ ᠶᠢᠨ ᠵᠥᠪᠯᠡᠯ ᠤᠨ ᠠᠯᠪᠠᠨ ᠭᠡᠷ ᠲᠤ ᠮᠡᠳᠡᠭᠦᠯᠬᠦ ᠬᠡᠷᠡᠭᠲᠡᠢ᠃    ᠬᠠᠷᠢᠯᠴᠠᠬᠤ ᠬᠥᠮᠥᠨ᠄ ᠸᠠᠩ ᠬᠤᠸᠠᠢ ᠴᠧᠨ    ᠰᠢᠤᠳᠠᠨ ᠬᠠᠶᠢᠷᠴᠠᠭ᠄ 604427982@qq.com    ᠬᠠᠷᠢᠯᠴᠠᠬᠤ ᠤᠲᠠᠰᠤ᠄ 2292588               ᠣᠷᠳᠣᠰ ᠬᠤᠳᠠ ᠶᠢᠨ ᠳ᠋ᠦᠩᠱᠧᠩ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ                                       2022 ᠣᠨ ᠤ 6 ᠰᠠᠷ᠎ᠠ ᠶᠢᠨ 23 ᠤ ᠡᠳᠦᠷ
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠠᠯᠪᠠᠨ ᠰᠦᠯᠵᠢᠶ᠎ᠡ