ᠲᠠᠪᠤᠨ ᠴᠤᠯᠤ ᠶᠢᠨ ᠱᠦᠯᠦ ︵羊杂︶
ᠨᠡᠶᠢᠲᠡᠯᠡᠭᠰᠡᠨ ᠴᠠᠭ᠄
2022/12/13
       ᠲᠠᠪᠤᠨ ᠴᠤᠯᠤ ᠶᠢᠨ ᠱᠦᠯᠦ ᠤᠯᠠᠨ ᠠᠷᠪᠢᠨ ᠢᠳᠡᠬᠡᠨ ᠤ ᠲᠤᠮᠳᠠ ᠲᠤᠶᠢᠯ ᠤᠨ ᠦᠨᠳᠤᠷ ᠪᠠᠶᠢᠷᠢ ᠰᠠᠭᠤᠷᠢ ᠲᠠᠢ ᠪᠠᠶᠢᠳᠠᠭ᠂ ︽ᠭᠤᠷᠪᠡᠨ ᠡᠷᠬᠡᠳᠡᠨ︾ ︽ᠭᠤᠷᠪᠡᠨ ᠱᠦᠯᠦ︾ ︽ᠭᠤᠷᠪᠡᠨ ᠠᠮᠳᠠ︾ ᠬᠡᠵᠤ ᠬᠢᠴᠢᠶᠡᠳᠡᠭ᠃ ᠭᠤᠷᠪᠡᠨ ᠡᠷᠬᠡᠳᠡᠨ ᠢ ᠪᠠᠰᠠ ᠭᠤᠤᠯ ᠭᠤᠷᠪᠡᠨ ᠡᠷᠬᠡᠳᠡᠨ ᠪᠤᠯᠤᠨ ᠲᠡᠳ᠋ ᠭᠤᠷᠪᠡᠨ ᠡᠷᠬᠡᠳᠡᠨ ᠬᠡᠵᠤ ᠬᠤᠪᠢᠶᠠᠨ᠂ ᠵᠢᠷᠤᠬᠡ᠂ ᠡᠯᠢᠬᠡ᠂ ᠠᠭᠤᠰᠬᠢ ᠶᠢ ᠭᠤᠤᠯ ᠭᠤᠷᠪᠡᠨ ᠡᠷᠬᠡᠳᠡᠨ ᠬᠡᠵᠤ᠂ ᠬᠡᠳᠤᠰᠤ᠂ ᠬᠤᠳᠤᠭᠠᠳᠤ ᠲᠤᠯᠤᠭᠠᠢ ᠰᠢᠬᠢᠷ᠎ᠠ ᠶᠢᠨ ᠮᠢᠬ᠎ᠠ ᠶᠢ ᠲᠡᠳ᠋ ᠭᠤᠷᠪᠡᠨ ᠡᠷᠬᠡᠳᠡᠨ ᠬᠡᠳᠡᠭ᠃ ᠭᠤᠷᠪᠡᠨ ᠠᠮᠳᠠ ᠨᠢ ᠬᠡᠪᠡᠯ ᠲᠤᠰᠬᠠᠢ ᠭᠤᠷᠪᠡᠨ ᠴᠤᠯᠤ ᠶᠢᠨ ᠱᠦᠯᠦ ᠬᠤᠳᠠᠯᠳᠤᠳᠠᠭ ᠬᠤᠭᠤᠯᠠᠨ ᠬᠡᠷ ᠪᠤᠯᠭᠠᠨ ᠭᠤᠷᠪᠡᠨ ᠵᠤᠶᠢᠯ ᠤᠨ ᠠᠮᠳᠠᠯᠠᠭᠴᠢ ᠪᠠᠶᠢᠳᠠᠭ᠃ ᠲᠠᠷᠤᠢ᠄ ᠦᠨᠦᠷᠳᠤ ᠨᠤᠭᠤᠭᠠᠨ ᠤ ᠬᠡᠮᠬᠡᠳᠡᠭ᠂ ᠬᠠᠯᠠᠭᠤᠨ ᠨᠤᠭᠤᠭᠠᠨ ᠤ ᠨᠤᠨᠳᠤᠭ᠂ ᠢᠳᠡᠬᠡᠨ ᠤ ᠲᠠᠪᠤᠰᠤ ᠪᠤᠯᠤᠨ᠎ᠠ᠃
4.4.gif
4.5.gif
4.1.jpg
4.2.jpg
4.3.jpg
ᠢᠷᠡᠯᠲᠡ᠄ ᠸᠢᠴᠠᠲ ᠲᠠᠪᠴᠠᠩ