ᠮᠤᠩᠭᠤᠯ ᠱᠠᠯᠪᠢᠩ ︵蒙古馅饼︶
ᠨᠡᠶᠢᠲᠡᠯᠡᠭᠰᠡᠨ ᠴᠠᠭ᠄
2022/12/13
     ᠮᠤᠩᠭᠤᠯ ᠱᠠᠯᠪᠢᠩ ᠪᠤᠯ ᠨᠢᠬᠡ ᠵᠤᠶᠢᠯ ᠤᠨ ᠭᠤᠯᠢᠷ ᠤᠨ ᠢᠳᠡᠬᠡᠨ ᠪᠤᠯᠤᠨ᠎ᠠ᠂ ᠤᠳᠤ ᠠᠴᠠ ᠨᠢᠬᠡᠨᠳᠠ ᠭᠤᠷᠪᠡᠨ ᠵᠠᠭᠤ ᠭᠠᠷᠤᠢ ᠵᠢᠯ ᠤᠨ ᠲᠡᠤᠬᠡ ᠲᠠᠢ᠃ ᠬᠠᠮᠤᠭ ᠤᠨ ᠡᠷᠳᠡᠨ ᠳᠤ ᠪᠠᠨ ᠲᠤᠬᠠᠢ ᠶᠢᠨ ᠭᠠᠵᠡᠷ ᠤᠨ ᠤᠨᠴᠠ ᠭᠠᠷᠤᠯᠳᠠ ᠪᠤᠯᠬᠤ ᠰᠠᠭᠠᠭ ᠤᠨ ᠭᠤᠯᠢᠷ ᠢᠶᠠᠷ ᠬᠠᠯᠢᠰᠤ ᠶᠢ ᠬᠢᠵᠤ᠂ ᠦᠬᠡᠷ ᠬᠤᠨᠢ ᠢᠮᠠᠭ᠎ᠠ ᠭᠠᠭ᠋ᠠᠢ ᠶᠢᠨ ᠮᠢᠬ᠎ᠠ ᠶᠢ ᠲᠤᠳᠤᠷ᠎ᠠ ᠨᠢ ᠬᠢᠵᠤ᠂ ᠬᠠᠭᠤᠷᠠᠢ ᠬᠠᠭᠠᠷᠢᠬᠤ ᠪᠤᠶᠤ ᠤᠰᠤ ᠪᠠᠷ ᠵᠢᠩᠨᠡᠬᠦ ᠵᠡᠷᠬᠡ ᠠᠷᠭ᠎ᠠ ᠪᠠᠷ ᠬᠢᠳᠡᠭ᠃ ᠱᠠᠯᠪᠢᠩ ᠪᠤᠯᠬᠤᠷ ᠭᠤᠯᠢᠷ ᠨᠢ ᠰᠢᠩᠬᠡᠨ᠂ ᠬᠠᠯᠢᠰᠤ ᠨᠢ ᠨᠢᠮᠬᠡᠨ᠂ ᠮᠢᠬ᠎ᠠ ᠨᠢ ᠨᠠᠷᠢᠯᠢᠭ ᠢᠶᠠᠷ ᠢᠶᠠᠨ ᠤᠨᠴᠠᠯᠬᠠᠳᠠᠳᠠᠭ ᠪᠦᠬᠡᠳ᠂ ᠬᠠᠭᠠᠷᠢᠵᠤ ᠬᠢᠭᠰᠡᠨ ᠤ ᠲᠠᠷᠠᠭᠠᠬᠢ ᠬᠡᠯᠪᠡᠷᠢ ᠨᠢ ᠭᠠᠤᠯᠢᠨ ᠬᠠᠷᠠᠩᠭ᠎ᠠ ᠮᠡᠳᠤ ᠪᠠᠶᠢᠵᠤ᠂ ᠬᠠᠯᠢᠰᠤᠨ ᠭᠠᠳᠠᠷᠭᠤ ᠳᠤ ᠨᠢ ᠲᠤᠰᠤ ᠮᠠᠯᠳᠠᠯᠵᠠᠵᠤ᠂ ᠬᠠᠯᠢᠰᠤ ᠶᠢ ᠨᠢ ᠨᠡᠪᠳᠡᠯᠵᠤ ᠬᠠᠷᠠᠬᠤ ᠳᠤ ᠲᠤᠳᠤᠷᠠᠬᠢ ᠮᠢᠬ᠎ᠠ ᠨᠢ ᠮᠠᠨᠤ ᠴᠢᠯᠠᠭᠤ ᠮᠡᠳᠤ᠂ ᠨᠤᠭᠤᠭ᠎ᠠ ᠨᠢ ᠬᠠᠰ ᠮᠡᠳᠤ ᠬᠠᠷᠠᠭᠳᠠᠵᠤ᠂ ᠤᠯᠠᠭᠠᠨ ᠨᠤᠭᠤᠭᠠᠨ ᠠᠯᠠᠭᠯᠠᠵᠤ᠂ ᠮᠠᠰᠢ ᠰᠠᠶᠢᠬᠠᠨ ᠪᠠᠶᠢᠳᠠᠭ᠂ ᠰᠠᠪᠠᠬ᠎ᠠ ᠪᠠᠷ ᠢᠶᠠᠨ ᠱᠠᠯᠪᠢᠩ ᠤᠨ ᠬᠠᠯᠢᠰᠤ ᠶᠢ ᠬᠠᠭᠠᠯᠬᠤ ᠳᠤ᠂ ᠬᠠᠯᠠᠭᠤᠨ ᠠᠭᠤᠷ ᠲᠡᠭᠳᠡᠨ᠂ ᠠᠮᠳᠠᠳᠤ ᠦᠨᠦᠷ ᠬᠠᠮᠠᠷ ᠲᠤ ᠴᠢᠨᠢ ᠤᠷᠤᠵᠤ᠂ ᠬᠦᠮᠦᠰ ᠤᠨ ᠢᠳᠡᠬᠦ ᠲᠤᠷᠠᠰᠢᠯ ᠢ ᠲᠠᠳᠠᠳᠠᠭ ᠭᠤᠶᠢᠳᠠ ᠰᠠᠶᠢᠬᠠᠨ ᠢᠳᠡᠬᠡᠨ ᠤ ᠵᠤᠶᠢᠯ ᠮᠦᠨ᠃
2.1.jpg
2.2.jpg
2.4.jpg
ᠢᠷᠡᠯᠲᠡ᠄ ᠸᠢᠴᠠᠲ ᠲᠠᠪᠴᠠᠩ