ᠤᠯᠠᠭᠠᠨ ᠢᠳᠡᠭᠡ ︵手把肉︶
ᠨᠡᠶᠢᠲᠡᠯᠡᠭᠰᠡᠨ ᠴᠠᠭ᠄
2022/12/13
        ᠤᠯᠠᠭᠠᠨ ᠢᠳᠡᠬᠡᠨ ᠪᠤᠯ ᠮᠤᠩᠭᠤᠯᠴᠤᠳ ᠤᠨ ᠤᠯᠠᠮᠵᠢᠯᠠᠯᠳᠤ ᠢᠳᠡᠬᠡᠨ ᠤ ᠵᠤᠶᠢᠯ ᠪᠤᠯᠤᠨ᠎ᠠ᠂ ᠤᠯᠠᠭᠠᠨ ᠢᠳᠡᠭᠡ ᠬᠡᠳᠡᠭ ᠨᠢ ᠮᠢᠬ᠎ᠠ ᠶᠢ ᠬᠡᠯᠡᠳᠡᠭ᠂ ᠮᠠᠯᠴᠢᠳ ᠤᠨ ᠬᠠᠮᠤᠭ ᠤᠨ ᠪᠠᠶᠢᠩᠭᠤ ᠵᠤᠴᠢᠨ ᠢᠶᠠᠨ ᠲᠠᠶᠢᠯᠠᠬᠤ ᠢᠳᠡᠬᠡᠨ ᠪᠤᠯᠤᠨ᠎ᠠ᠂ ᠤᠯᠠᠩᠬᠢ ᠳᠤ ᠪᠠᠨ ᠬᠤᠨᠢ ᠨᠢᠮᠠᠭᠠᠨ ᠤ ᠮᠢᠬ᠎ᠠ ᠴᠢᠨᠠᠳᠠᠭ᠃ ᠡᠬᠦᠨ ᠤ ᠬᠢᠬᠦ ᠠᠷᠭ᠎ᠠ ᠨᠢ ᠮᠠᠰᠢ ᠲᠦᠬᠦᠮ᠂ ᠪᠦᠬᠦᠯᠢ ᠬᠤᠨᠢ ᠶᠢ ᠦᠶ᠎ᠠ ᠬᠡᠰᠢᠬᠦ ᠪᠠᠷ ᠨᠢ ᠮᠦᠴᠢᠯᠡᠭᠰᠡᠨ ᠤ ᠲᠠᠷᠠᠭ᠎ᠠ ᠪᠤᠴᠠᠯᠠᠭᠰᠡᠨ ᠤᠰᠤᠨ ᠳᠤ ᠬᠢᠵᠤ᠂ ᠶᠠᠮᠠᠷᠴᠦ ᠠᠮᠳᠠ ᠤᠷᠤᠭᠤᠯᠤᠭᠴᠢ ᠬᠢᠬᠦ ᠦᠬᠡᠢ ᠪᠠᠷ ᠴᠢᠨᠠᠵᠤ᠂ ᠮᠢᠬᠠᠨ ᠤ ᠦᠨᠦᠷ ᠠᠮᠳᠠ ᠶᠢ ᠦᠨᠡᠨ ᠮᠦᠨ ᠢᠶᠠᠷ ᠨᠢ ᠬᠠᠳᠠᠭᠠᠯᠠᠳᠠᠭ ᠪᠠᠶᠢᠨ᠎ᠠ᠃ ᠢᠳᠡᠬᠦ ᠦᠶ᠎ᠠ ᠳᠤ ᠨᠢᠬᠡ ᠭᠠᠷ ᠢᠶᠠᠷ  ᠢᠶᠠᠨ ᠶᠠᠰᠤᠨ ᠠᠴᠠ ᠪᠠᠷᠢᠵᠤ᠂ ᠨᠦᠬᠦᠬᠡ ᠭᠠᠷ ᠢᠶᠠᠷ ᠢᠶᠠᠨ ᠮᠤᠩᠭᠤᠯ ᠬᠢᠳᠤᠭ᠎ᠠ ᠪᠠᠷ ᠬᠦᠰᠬᠦᠯᠵᠤ᠂ ᠦᠪᠡᠷ ᠤᠨ ᠲᠤᠷᠠᠳᠠᠢ ᠠᠮᠳᠠᠯᠠᠭᠴᠢ ᠳᠤ ᠲᠦᠷᠡᠵᠤ ᠢᠳᠡᠬᠦ ᠪᠤᠶᠤ ᠰᠢᠭᠤᠳ ᠢᠳᠡᠭᠰᠡᠨ ᠴᠦ ᠪᠦᠷ ᠪᠤᠯᠤᠨ᠎ᠠ᠃
1.1.png
1.2.png
1.3.png
1.5.jpg
ᠢᠷᠡᠯᠲᠡ᠄ ᠸᠢᠴᠠᠲ ᠲᠠᠪᠴᠠᠩ