︽9 · 19︾ ᠤ ᠪᠤᠰᠤᠯᠭ᠎ᠠ ᠶᠢᠨ ᠡᠮᠤᠨ᠎ᠠ ᠬᠤᠶᠢᠨᠡᠭᠢ ᠳ᠋ᠥᠡᠭᠱᠸᠡᠭ ᠰᠢᠶᠠᠨ ︵ᠬᠤᠶᠠᠷ︶
ᠨᠡᠶᠢᠲᠡᠯᠡᠭᠰᠡᠨ ᠴᠠᠭ᠄
2022/12/12
     ᠶᠡᠭᠡ ᠵᠤᠤ ᠶᠢᠨ ᠴᠢᠭᠤᠯᠭᠠᠨ ᠤ ᠨᠠᠮ ᠤᠨ ᠠᠵᠢᠯᠯᠠᠬᠤ ᠬᠤᠷᠢᠶ᠎ᠠ ᠪᠠᠭᠰᠢ ᠰᠤᠷᠤᠬᠴᠢᠳ ᠤᠨ ᠲᠤᠩᠬᠠᠭ ᠢ ᠤᠯᠤᠬᠰᠠᠨ ᠤ ᠲᠠᠷᠠᠭ᠎ᠠ᠂ ᠨᠢᠭᠡ ᠲᠠᠯ᠎ᠠ ᠪᠠᠷ ᠶᠡᠭᠡ ᠵᠤᠤ ᠶᠢᠨ ᠴᠢᠭᠤᠯᠭᠠᠨ ᠤ ᠵᠠᠰᠠᠭ ᠤᠨ ᠶᠠᠪᠤᠳᠠᠯ ᠤᠨ ᠬᠤᠷᠢᠶᠠᠨ ᠤ ᠰᠠᠯᠠᠭᠠᠨ ᠲᠠᠷᠤᠭ᠎ᠠ ᠪᠠᠢ ᠵᠢᠶᠦ᠋ᠨ ᠮᠢᠩ ᠢᠶᠠᠷ ᠲᠤᠭᠤᠢᠢᠯᠠᠩ ᠤᠨ ᠲᠠᠷᠤᠭ᠎ᠠ᠂ ᠡᠦ ᠶᠠᠨ ᠰᠢᠥ᠂ ᠸᠠᠩ ᠪᠢᠡᠭ ᠭᠦᠸᠧ᠂ ᠭᠦᠡᠭ ᠵᠠᠨ ᠶᠤᠸᠠᠨ᠂ ᠡᠦ ᠫᠸᠢ ᠮᠦᠸᠧ ᠲᠠᠪᠤᠨ ᠭᠦᠮᠦᠨ ᠢᠶᠠᠷ ᠲᠤᠭᠤᠢᠢᠯᠠᠩ ᠤᠨ ᠪᠦᠷᠢᠯᠳᠦᠭᠦᠨ ᠪᠤᠯᠭᠠᠭᠰᠠᠨ ᠳ᠋ᠥᠡᠭᠱᠸᠡᠭ ᠰᠢᠶᠠᠨ ᠢ ᠭᠠᠷᠳᠠᠨ ᠠᠪᠬᠤ ᠳᠦᠷᠦᠭᠦᠨ ᠳᠤ ᠳᠤᠮᠢᠯᠠᠭᠰᠠᠨ ᠠᠵᠢᠯᠯᠠᠬᠤ ᠲᠤᠭᠤᠢᠢᠯᠠᠩ ᠢ ᠳᠤᠮᠢᠯᠠᠵᠤ᠂ ᠨᠦᠭᠦᠭᠡ ᠲᠠᠯ᠎ᠠ ᠪᠠᠷ ᠲᠤᠮᠳᠠᠳᠤ ᠤᠯᠤᠰ ᠤᠨ ᠡᠪ ᠬᠠᠮᠳᠤ ᠨᠠᠮ ᠤᠨ ᠵᠡᠭᠦᠨ ᠵᠢᠶᠦ᠋ᠨ ᠸᠠᠩ ᠤᠨ ᠠᠵᠢᠯᠯᠠᠬᠤ ᠬᠤᠷᠢᠶ᠎ᠠ ᠶᠢ ᠨᠢᠭᠡᠳᠦᠭᠡᠷ ᠪᠦᠷᠢᠨ ᠪᠠᠭ᠎ᠠ ᠰᠤᠷᠭᠠᠭᠤᠯᠢ ᠲᠠᠢ ᠬᠠᠷᠢᠯᠴᠠᠭᠤᠯᠪᠠ᠃     ᠲᠦᠷᠦᠭᠦᠨ ᠳᠤ ᠳᠤᠮᠢᠯᠠᠭᠰᠠᠨ ᠠᠵᠢᠯᠯᠠᠬᠤ ᠲᠤᠭᠤᠢᠢᠯᠠᠩ ᠳ᠋ᠦᠡᠭᠱᠸᠡᠭ ᠳᠤ ᠢᠷᠡᠭᠦ ᠦᠶᠡᠰ᠂ ᠬᠠᠭᠤᠴᠢᠨ ᠵᠠᠰᠠᠭ ᠤᠨ ᠤᠷᠳᠤᠨ ᠠᠴᠠ ᠠᠯᠪᠠᠯᠠᠬᠤ ᠭᠠᠵᠠᠷ ᠴᠦ ᠲᠤᠭᠢᠷᠠᠭᠤᠯᠵᠤ ᠦᠭᠭᠦ ᠦᠭᠡᠢ ᠮᠦᠷᠳᠡᠭᠡᠨ᠂ ᠡᠮᠤᠨ᠎ᠠ ᠡᠭᠦᠳᠡᠨ ᠤ ᠭᠠᠳᠠᠨᠡᠭᠢ ᠨᠢᠭᠡᠨ ᠵᠢᠵᠢᠭ ᠲᠡᠯᠭᠡᠭᠦᠷ ᠲᠤ ᠰᠠᠭᠤᠯᠭᠠᠨ᠂ ᠨᠠᠭᠠᠰᠢ ᠴᠠᠭᠠᠰᠢ ᠭᠠᠷᠴᠦ ᠤᠷᠤᠬᠤ ᠭᠦᠮᠦᠨ ᠤᠯᠠᠨ ᠪᠠᠶᠢᠭᠰᠠᠨ ᠪᠤᠯᠬᠤᠷ ᠲᠦᠢᠯ ᠤᠨ ᠠᠮᠤᠷ ᠲᠦᠪᠰᠢᠨ ᠦᠭᠡᠢ ᠪᠠᠶᠢᠪᠡ᠃ ᠰᠠᠷ᠎ᠠ ᠭᠠᠷᠤᠢ ᠶᠢᠨ ᠲᠠᠷᠠᠭ᠎ᠠ ᠮᠦ ᠶᠢᠦ ᠱᠸᠡᠭ ᠶᠡᠭᠡ ᠬᠠᠨᠳᠤᠰᠢ ᠶᠢ ᠳᠠᠨᠢᠵᠤ᠂ ᠲᠠᠮᠠᠭ᠎ᠠ ᠪᠠᠨ ᠲᠤᠰᠢᠶᠠᠬᠤ ᠦᠭᠡᠢ ᠪᠤᠯᠬᠤ ᠦᠭᠡᠢ ᠪᠤᠯᠤᠬᠰᠠᠨ ᠢ ᠰᠡᠷᠡᠵᠤ ᠮᠡᠳᠡᠭᠡᠳ ᠠᠵᠢᠯᠯᠠᠬᠤ ᠲᠤᠭᠤᠢᠢᠯᠠᠩ ᠢ ᠰᠢᠶᠠᠨ ᠤ ᠵᠠᠰᠠᠭ ᠤᠨ ᠤᠷᠳᠤᠨ ︵ᠤᠳᠤ ᠶᠢᠨ ᠠᠶᠢᠮᠠᠭ ᠤᠨ ᠵᠠᠭᠢᠷᠭ᠎ᠠ ᠶᠢᠨ ᠠᠰᠠᠷ︶ ᠳᠤ ᠨᠡᠭᠦᠯᠭᠡᠪᠡ᠃     1950 ᠤᠨ ᠤ 1 ᠰᠠᠷ᠎ᠠ ᠶᠢᠨ ᠡᠭᠢ ᠪᠠᠷ᠂ ᠮᠤᠷᠢᠳᠤ ᠴᠡᠷᠢᠭ ᠤᠨ ᠲᠠᠪᠤᠳᠤᠭᠠᠷ ᠳ᠋ᠢᠸᠢᠽᠢ 1 ᠠᠩᠭᠢ ᠪᠠᠨ ᠲᠤᠮᠢᠯᠠᠨ ᠳ᠋ᠦᠡᠭᠱᠸᠡᠭ ᠳᠤ ᠤᠴᠢᠭᠤᠯᠵᠤ᠂ ᠠᠷᠪᠠᠨ ᠵᠢᠷᠭᠤᠳᠤᠭᠠᠷ ᠬᠤᠷᠢᠶ᠎ᠠ ᠶᠢ ᠱᠠ ᠰᠢᠶᠠᠨ ᠳᠤ ᠤᠴᠢᠭᠤᠯᠤᠨ ᠤᠷᠤᠨ ᠲᠤᠭ᠎ᠠ ᠤᠯᠭᠤᠬᠤ ᠪᠠᠷ ᠪᠤᠯᠪᠠ᠃ ᠲᠠᠪᠤᠳᠤᠭᠠᠷ ᠳ᠋ᠢᠸᠢᠽᠢ ᠳ᠋ᠦᠡᠭᠱᠸᠡᠭ ᠳᠤ ᠤᠴᠢᠮᠠᠬᠴᠠ ᠪᠠᠨ ᠨᠢᠭᠡᠳᠦᠭᠡᠷ ᠪᠦᠷᠢᠨ ᠪᠠᠭ᠎ᠠ ᠰᠤᠷᠭᠠᠭᠤᠯᠢ ᠲᠠᠢ ᠬᠠᠷᠢᠯᠴᠠᠵᠤ᠂ ᠭᠢᠴᠢᠶᠠᠯ ᠤᠨ ᠵᠠᠪᠰᠠᠷ ᠢᠶᠠᠷ ᠰᠤᠷᠤᠬᠴᠢᠳ ᠲᠠᠢ ᠬᠠᠮᠳᠤ ᠶᠠᠩᠭᠠᠷ ᠪᠦᠵᠢᠭ ᠪᠦᠵᠢᠭᠯᠡᠨ᠂ ᠲᠤᠳᠤᠨᠤᠰᠤᠭ ᠬᠠᠷᠢᠴᠠᠭ᠎ᠠ ᠪᠠᠶᠢᠭᠤᠯᠤᠭᠰᠠᠨ ᠢᠶᠠᠷ ᠬᠤᠶᠠᠷ ᠴᠡᠷᠢᠭ ᠠᠩᠭᠢ ᠶᠢᠨ ᠬᠤᠶᠠᠷ ᠶᠠᠩᠵᠤ ᠶᠢᠨ ᠤᠪᠤᠷ ᠪᠠᠶᠢᠳᠠᠯ ᠢᠯᠠ ᠲᠤᠳᠤ ᠬᠠᠷᠢᠴᠠᠭᠤᠯᠤᠯ ᠪᠤᠯᠵᠠᠢ᠃     1950 ᠤᠨ ᠤ 1 ᠰᠠᠷ᠎ᠠ ᠶᠢᠨ 28 ᠤ ᠡᠳᠦᠷ᠂ ᠰᠤᠷᠭᠠᠭᠤᠯᠢ ᠴᠢᠯᠦᠭᠡ ᠲᠠᠯᠪᠢᠪᠡ᠃ ᠵᠡᠭᠦᠨ ᠵᠢᠶᠦ᠋ᠨ ᠸᠠᠩ ᠤᠨ ᠠᠵᠢᠯᠯᠠᠬᠤ ᠬᠤᠷᠢᠶ᠎ᠠ ᠶᠢᠨ ᠤᠳᠤᠷᠢᠳᠤᠯᠭ᠎ᠠ ᠲᠤᠤᠷ᠎ᠠ᠂ ᠵᠢᠶᠦ᠋ᠨ ᠸᠠᠩ ᠤᠨ ᠬᠤᠰᠢᠭᠤᠨ ᠤ ᠭᠡᠳᠡᠷᠭᠡ ᠳᠠᠬᠢ ᠵᠠᠩ ᠵᠢᠢ ᠰᠢᠶᠦ᠋ᠡᠭ ᠤᠨ ᠴᠠᠶᠢᠵᠠᠨ ᠳᠤ ᠬᠤᠷᠠᠯ ᠬᠤᠷᠠᠯᠳᠤᠭᠤᠯᠪᠠ᠃ ᠠᠵᠢᠯᠯᠠᠬᠤ ᠬᠤᠷᠢᠶ᠎ᠠ ᠶᠢᠨ ᠱᠦᠵᠢ ᠶᠦᠨ ᠪᠸᠢ ᠹᠸᠡᠭ ᠨᠦᠭᠦᠷ ᠬᠤᠷᠠᠯ ᠢ ᠡᠷᠭᠢᠯᠡᠵᠤ᠂ ᠨᠠᠶᠢᠳᠠ 20 ᠭᠦᠮᠦᠨ ᠬᠤᠷᠠᠯ ᠳᠤ ᠤᠷᠤᠯᠴᠠᠨ᠂ ᠡᠭᠦᠨ ᠳᠤ᠄ ᠵᠡᠭᠦᠨ ᠵᠢᠶᠦ᠋ᠨ ᠸᠠᠩ ᠤᠨ ᠠᠵᠢᠯᠯᠠᠬᠤ ᠬᠤᠷᠢᠶ᠎ᠠ ᠶᠢᠨ 3 ᠭᠦᠮᠦᠨ᠂ ᠨᠢᠭᠡᠳᠦᠭᠡᠷ ᠪᠦᠷᠢᠨ ᠪᠠᠭ᠎ᠠ ᠰᠤᠷᠭᠠᠭᠤᠯᠢ ᠶᠢᠨ 5 ᠭᠦᠮᠦᠨ ᠪᠠᠶᠢᠵᠤ᠂ ᠪᠤᠰᠤᠳ ᠨᠢ ᠡᠯ᠎ᠠ ᠰᠢᠶᠠᠩ ᠤᠨ ᠲᠦᠯᠦᠭᠡᠯᠡᠭᠴᠢ ᠪᠠᠶᠢᠪᠡ᠃     ᠡᠨᠡ ᠤᠳᠠᠭᠠᠨ ᠤ ᠬᠤᠷᠠᠯ ᠤᠨ ᠭᠤᠤᠯ ᠵᠦᠪᠯᠡᠭᠦ ᠵᠦᠢᠯ ᠪᠤᠯ᠄ ᠵᠢᠶᠠ ᠺᠧ ᠷᠠᠩ ︵ᠭᠡᠷᠡᠭ ᠬᠤᠪᠢᠰᠤᠯ ᠭᠠᠷᠬᠤ ᠠᠴᠠ ᠡᠮᠤᠨᠡᠭᠢ ᠳ᠋ᠦᠡᠭᠱᠸᠡᠭ ᠰᠢᠶᠠᠨ ᠤ ᠲᠠᠷᠤᠭ᠎ᠠ︶ ᠢ ᠤᠰᠠᠳᠬᠠᠬᠤ ᠵᠦᠪᠯᠡᠯ ᠢ ᠵᠤᠭᠢᠶᠠᠨ ᠪᠠᠶᠢᠭᠤᠯᠵᠤ᠂ ᠡᠶᠢᠮᠦᠷᠬᠦᠤ ᠨᠡᠷ᠎ᠠ ᠪᠠᠷ ᠰᠢᠶᠠᠨ ᠤ ᠵᠠᠰᠠᠭ ᠤᠨ ᠤᠷᠳᠤᠨ ᠢ ᠭᠦᠯᠢᠶᠠᠨ ᠠᠪᠬᠤ ᠳᠤ ᠵᠤᠭᠢᠶᠠᠨ ᠪᠠᠶᠢᠭᠤᠯᠤᠯᠳᠠ ᠪᠠ ᠶᠡᠷᠢᠶ᠎ᠠ ᠭᠡᠯᠡᠯᠴᠡᠭᠡᠨ ᠤ ᠲᠠᠯ᠎ᠠ ᠶᠢᠨ ᠪᠡᠯᠡᠳᠭᠡᠯ ᠭᠢᠭᠦ ᠶᠢᠨ ᠲᠦᠯᠦᠭᠡ ᠶᠤᠮ᠃     1950 ᠤᠨ ᠤ 1 ᠰᠠᠷ᠎ᠠ ᠶᠢᠨ 30 ᠤ ᠡᠳᠦᠷ ᠬᠤᠷᠠᠯ ᠲᠠᠭᠤᠰᠴᠦ᠂ ᠬᠠᠮᠢᠶ᠎ᠠ ᠪᠦᠭᠦᠢ ᠭᠦᠮᠦᠰ ᠡᠯ᠎ᠠ ᠰᠢᠶᠠᠩ ᠳᠤ ᠭᠦᠷᠴᠦ ᠠᠵᠢᠯ ᠢᠶᠠᠨ ᠦᠷᠨᠢᠭᠦᠯᠪᠡ᠃ ᠶᠡᠷᠦ ᠳᠡᠭᠡᠨ ᠪᠤᠤ ᠪᠠᠷ ᠴᠡᠭ ᠪᠤᠯᠭᠠᠨ᠂ ᠤᠯᠠᠨ ᠲᠦᠮᠠᠨ ᠤ ᠬᠤᠷᠠᠯ ᠢ ᠬᠤᠷᠠᠯᠳᠤᠭᠤᠯᠵᠤ ᠵᠢᠶᠠ ᠺᠧ ᠷᠠᠩ ᠤᠨ ᠶᠠᠯᠠᠳᠤ ᠠᠵᠢᠯᠯᠠᠭ᠎ᠠ ᠶᠢ ᠢᠯᠡᠴᠢᠯᠡᠨ ᠵᠠᠭᠠᠯᠳᠤᠪᠠ᠃ ᠡᠭᠦᠨ ᠠᠴᠠ ᠭᠠᠳᠠᠨ᠎ᠠ ᠨᠠᠮ ᠤᠨ ᠲᠦᠷᠦ ᠶᠢᠨ ᠪᠤᠳᠤᠯᠭ᠎ᠠ ᠶᠢ ᠤᠬᠠᠭᠤᠯᠤᠨ᠂ ᠠᠷᠠᠳ ᠤᠨ ᠰᠡᠳᠭᠢᠯ ᠢ ᠲᠠᠶᠢᠪᠤᠰᠢᠷᠠᠭᠤᠯᠵᠤ᠂ ᠰᠢᠨ᠎ᠠ ᠰᠢᠶᠠᠨ ᠤ ᠲᠠᠷᠤᠭ᠎ᠠ ᠶᠢᠨ ᠭᠦᠷᠴᠦ ᠢᠷᠡᠭᠦ ᠶᠢ ᠪᠠᠶᠠᠷᠯᠠᠨ ᠤᠬᠳᠤᠪᠠ᠃     20 ᠭᠠᠷᠤᠢ ᠡᠳᠦᠷ ᠤᠨ ᠠᠵᠢᠯ ᠢᠶᠠᠷ ᠲᠠᠮᠵᠢᠭᠤᠯᠤᠨ᠂ ᠵᠢᠶᠠ ᠺᠧ ᠷᠠᠩ ᠢ ᠤᠰᠠᠳᠬᠠᠬᠤ ᠢᠳᠡᠪᠭᠢᠵᠢᠯ ᠢ ᠲᠠᠶᠢᠴᠢᠯᠠᠵᠤ᠂ ᠡᠯ᠎ᠠ ᠰᠢᠶᠠᠩ ᠠᠴᠠ ᠵᠡᠭᠦᠨ ᠵᠢᠶᠦ᠋ᠨ ᠸᠠᠩ ᠤᠨ ᠠᠵᠢᠯᠯᠠᠬᠤ ᠬᠤᠷᠢᠶ ᠎ᠠ ᠵᠢᠴᠢ ᠶᠡᠷᠦᠩᠭᠡᠢ ᠬᠤᠷᠢᠶ᠎ᠠ ᠳᠤ ᠢᠷᠡᠭᠦᠯᠦᠭᠰᠡᠨ ᠮᠡᠳᠡᠭᠦᠯᠤᠯᠳᠠ ᠤᠪᠤᠭᠠᠷᠠᠵᠤ᠂ ᠲᠠᠩᠨᠠᠭᠤᠯ᠂ ᠮᠠᠭᠤ ᠡᠳᠡᠭᠡᠳ ᠤᠨ ᠴᠤᠤᠷᠬᠠᠯ ᠴᠦ ᠪᠠᠭᠠᠰᠪᠠ᠂ ᠡᠨᠡ ᠭᠦ ᠪᠠᠶᠢᠳᠠᠯ ᠢ ᠦᠨᠳᠦᠰᠦᠯᠠᠨ᠂ ᠵᠡᠭᠦᠨ ᠵᠢᠶᠦ᠋ᠨ ᠸᠠᠩ ᠤᠨ ᠠᠵᠢᠯᠯᠠᠬᠤ ᠬᠤᠷᠢᠶ᠎ᠠ ᠵᠢᠴᠢ ᠶᠡᠷᠦᠩᠭᠡᠢ ᠬᠤᠷᠢᠶ᠎ᠠ ᠵᠢᠶᠠ ᠺᠧ ᠷᠠᠩ ᠢ ᠤᠰᠠᠳᠬᠠᠬᠤ ᠬᠤᠶᠠᠳᠤᠭᠠᠷ ᠤᠳᠠᠭᠠᠨ ᠤ ᠬᠤᠷᠠᠯ ᠬᠤᠷᠠᠯᠳᠤᠭᠤᠯᠬᠤ ᠪᠠᠷ ᠲᠤᠬᠳᠠᠪᠡ᠃     1950 ᠤᠨ ᠤ 2 ᠰᠠᠷ᠎ᠠ ᠶᠢᠨ 26 ᠤ ᠡᠳᠦᠷ ᠠᠴᠠ 3 ᠰᠠᠷ᠎ᠠ ᠶᠢᠨ 1 ᠤ ᠡᠳᠦᠷ ᠪᠤᠯᠳᠠᠯ᠎ᠠ᠂ ᠭᠡᠳᠡᠷᠭᠡ ᠶᠢᠨ ᠴᠠᠶᠢᠵᠠᠨ ᠳᠤ ᠵᠢᠶᠠ ᠺᠧ ᠷᠠᠩ ᠢ ᠤᠰᠠᠳᠬᠠᠬᠤ ᠬᠤᠶᠠᠳᠤᠭᠠᠷ ᠤᠳᠠᠭᠠᠨ ᠤ ᠬᠤᠷᠠᠯ ᠬᠤᠷᠠᠯᠳᠤᠭᠤᠯᠵᠤ᠂ ᠨᠠᠶᠢᠳᠠ 69 ᠭᠦᠮᠦᠨ ᠬᠤᠷᠠᠯ ᠳᠤ ᠤᠷᠤᠯᠴᠠᠨ᠂ ᠯᠢ ᡁᠢ ᠽᠠᠢ ᠬᠤᠷᠠᠯ ᠢ ᠡᠷᠭᠢᠯᠡᠨ᠂ ᠯᠢᠦ ᠵᠦᠡᠭ ᠯᠢᠶᠠᠩ ᠤᠯᠤᠰ ᠲᠦᠷᠦ ᠶᠢᠨ ᠢᠯᠡᠳᠬᠡᠯ ᠭᠢᠪᠡ᠃                      ︵ᠣᠷᠳᠣᠰ ᠬᠤᠲᠠ ᠶᠢᠨ ᠳᠠᠩᠰᠠ ᠡᠪᠬᠡᠮᠡᠯ ᠲᠡᠤᠬᠡ ᠣᠶᠢᠯᠠᠯᠭ᠎ᠠ ᠶᠢᠨ                      ᠣᠷᠳᠣᠨ ᠠᠴᠠ ᠡᠬᠡ ᠪᠢᠴᠢᠭ ᠢ ᠬᠠᠨᠭ᠍ᠭᠠᠪᠠ᠃ ᠵᠣᠬᠢᠶᠠᠭᠴᠢ᠄ ᠪᠢᠶᠠᠨ ᠮᠧᠶ ᠱᠠᠨ︶
ᠢᠷᠡᠯᠲᠡ᠄ ᠤᠷᠳᠤᠰ ᠤᠨ ᠡᠳᠤᠷ ᠤᠨ ᠰᠤᠨᠢᠨ