ᠡᠪᠤᠯ ᠤᠨ ᠠᠭᠤᠷ ᠤᠷᠤᠭᠰᠠᠨ ᠤ ᠳᠠᠷᠠᠭ᠎ᠠ ᠬᠡᠷᠬᠢᠨ ᠪᠡᠶ᠎ᠡ ᠪᠠᠨ ᠰᠤᠪᠢᠯᠠᠬᠤ ᠪᠤᠢ︖
ᠨᠡᠶᠢᠲᠡᠯᠡᠭᠰᠡᠨ ᠴᠠᠭ᠄
2022/11/7
      ᠡᠪᠤᠯ ᠤᠨ ᠠᠭᠤᠷ ᠪᠤᠯ ᠡᠪᠤᠯ ᠤᠷᠤᠭᠰᠠᠨ ᠤ ᠳᠡᠮᠳᠡᠭ ᠮᠦᠨ᠃ ᠡᠨᠡᠬᠦ ᠬᠤᠭᠤᠴᠠᠭᠠᠨ ᠳᠤ ᠢᠳᠡᠬᠡᠨ ᠤᠮᠳᠠᠭᠠᠨ ᠤ ᠢᠯᠴᠢ ᠶᠢ ᠨᠡᠮᠡᠭᠳᠡᠬᠦᠯᠬᠦ ᠪᠠᠷ ᠭᠤᠤᠯ ᠪᠤᠯᠭᠠᠵᠤ᠂ ᠭᠠᠰᠢᠭᠤᠨ ᠱᠤᠷᠪᠤᠭ ᠢᠳᠡᠬᠡᠨ ᠪᠠᠭ᠎ᠠ ᠢᠳᠡᠵᠤ᠂ ᠰᠤᠬᠤᠷ ᠪᠠᠯᠠᠢ ᠪᠠᠷ ︽ᠰᠢᠮ᠎ᠡ ᠳᠡᠵᠢᠬᠡᠯ ᠨᠦᠬᠦᠪᠤᠷᠢᠯᠡᠬᠦ︾ ᠠᠴᠠ ᠵᠠᠶᠢᠯᠠᠰᠬᠢᠪᠡᠯ ᠵᠤᠬᠢᠨ᠎ᠠ᠃ ᠵᠢᠱᠢᠶᠡᠯᠡᠪᠡᠯ ᠯᠤᠬᠠᠱᠧᠩ ᠲᠠᠢ ᠤᠯᠠᠭᠠᠨ ᠴᠢᠪᠠᠭ᠎ᠠ ᠶᠢᠨ ᠱᠦᠯᠦ᠂ ᠲᠦᠬᠦᠬᠡᠢ ᠭᠠ ᠲᠠᠢ ᠴᠢᠨᠠᠭᠰᠠᠨ ᠦᠬᠡᠷ ᠤᠨ ᠮᠢᠬ᠎ᠠ ᠵᠡᠷᠬᠡ ᠶᠢ ᠢᠯᠡᠬᠦᠬᠡᠨ ᠢᠳᠡᠵᠤ ᠤᠤᠭᠤᠵᠤ ᠪᠤᠯᠤᠨ᠎ᠠ᠃ ᠡᠬᠦᠨ ᠠᠴᠠ ᠭᠠᠳᠠᠨ᠎ᠠ᠂ ᠡᠪᠤᠯ ᠤᠨ ᠤᠯᠠᠷᠢᠯ ᠳᠤ ᠬᠠᠯᠠᠭᠤᠨ ᠰᠢᠩᠬᠡᠨ ᠪᠤᠳᠠᠭ᠎ᠠ ᠢᠳᠡᠬᠦ ᠨᠢ ᠪᠠᠰᠠ ᠪᠡᠶ᠎ᠡ ᠰᠤᠪᠢᠯᠠᠬᠤ ᠶᠢᠨ ᠰᠠᠶᠢᠨ ᠰᠤᠩᠭᠤᠯᠳᠠ ᠮᠦᠨ᠃ ᠪᠤᠭᠤᠳᠠᠢ ᠶᠢᠨ ᠰᠢᠩᠬᠡᠨ ᠪᠤᠳᠠᠭ᠎ᠠ ᠨᠢ ᠵᠢᠷᠦᠬᠡ ᠶᠢ ᠰᠢᠮᠡᠵᠢᠬᠦᠯᠵᠤ ᠪᠤᠬᠢᠨᠢᠳᠤᠯ ᠢ ᠠᠷᠢᠯᠭᠠᠨ᠎ᠠ᠂ ᠯᠤᠤᠪᠠᠩ ᠲᠠᠢ ᠰᠢᠩᠬᠡᠨ ᠪᠤᠳᠠᠭ᠎ᠠ ᠨᠢ ᠴᠡᠷ ᠢ ᠠᠷᠢᠯᠭᠠᠨ᠎ᠠ ᠁       ᠡᠪᠤᠯ ᠤᠨ ᠠᠭᠤᠷ ᠤᠷᠤᠭᠰᠠᠨ ᠤ ᠳᠠᠷᠠᠭ᠎ᠠ᠂ ᠬᠦᠯ ᠢᠶᠠᠨ ᠦᠷᠬᠦᠯᠵᠢ ᠳᠡᠪᠳᠤᠬᠡᠪᠡᠯ ᠬᠦᠯ ᠤᠨ ᠡᠯ᠎ᠡ ᠪᠡᠯᠴᠢᠷ ᠲᠤ ᠰᠡᠳᠤᠯᠳᠡ ᠦᠭᠴᠤ᠂ ᠡᠬᠦᠨ ᠤ ᠤᠯᠠᠮ ᠠᠴᠠ ᠳᠠᠮᠢᠷ ᠨᠦᠬᠦᠬᠦ᠂ ᠰᠢᠷᠪᠤᠰᠤ ᠶᠢ ᠴᠢᠩᠭᠠᠷᠠᠭᠤᠯᠬᠤ᠂ ᠴᠤᠯᠤ ᠰᠠᠪᠠ ᠶᠢ ᠳᠤᠬᠢᠷᠠᠭᠤᠯᠬᠤ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠬᠢᠭᠤᠯᠬᠤ ᠵᠡᠷᠬᠡ ᠦᠢᠯᠡᠳᠤᠯ ᠲᠠᠢ᠃        ᠡᠪᠤᠯ ᠤᠨ ᠠᠭᠤᠷ ᠤᠷᠤᠭᠰᠠᠨ ᠤ ᠳᠠᠷᠠᠭ᠎ᠠ᠂ ᠡᠷᠳᠡ ᠤᠨᠳᠠᠵᠤ ᠤᠷᠤᠢ ᠪᠤᠰᠬᠤ ᠨᠢ ᠪᠡᠶ᠎ᠡ ᠰᠤᠪᠢᠯᠠᠬᠤ ᠳᠤ ᠨᠡᠩ ᠠᠰᠢᠭᠳᠠᠢ ᠪᠠᠶᠢᠳᠠᠭ᠃ ᠦᠷᠯᠦᠬᠡ ᠳᠡᠭᠡᠨ ᠬᠠᠮᠤᠭ ᠰᠠᠶᠢᠨ ᠨᠢ ᠨᠠᠷᠠ ᠭᠠᠷᠤᠭᠰᠠᠨ ᠤ ᠳᠠᠷᠠᠭ᠎ᠠ ᠪᠤᠰᠴᠤ᠂ ᠨᠤᠶᠢᠷ ᠢ ᠪᠠᠳᠤᠯᠠᠬᠤ ᠨᠢ ᠬᠦᠮᠦᠨ ᠤ ᠪᠡᠶ᠎ᠡ ᠶᠢᠨ ᠠᠷᠭ᠎ᠠ ᠶᠢᠨ ᠬᠡᠢ ᠡᠬᠦᠰᠬᠦ ᠳᠤ ᠠᠰᠢᠭᠳᠠᠢ ᠪᠠᠶᠢᠵᠤ᠂ ᠳᠠᠷᠢᠬᠢ ᠳᠤᠯᠤᠭᠠᠢ ᠶᠢ ᠨᠡᠩ ᠰᠡᠷᠬᠡᠭ ᠪᠤᠯᠭᠠᠳᠠᠭ᠂ ᠡᠶᠢᠮᠤ ᠠᠴᠠ ᠡᠷᠳᠡ ᠤᠨᠳᠠᠵᠤ ᠤᠷᠤᠢ ᠪᠤᠰᠬᠤ ᠨᠢ ᠨᠠᠰᠤᠳᠠᠶᠢᠴᠤᠳ ᠲᠤ ᠨᠡᠩ ᠳᠤᠬᠢᠷᠠᠮᠵᠢᠳᠡᠢ᠃       ᠡᠪᠤᠯ ᠤᠨ ᠠᠭᠤᠷ ᠤᠷᠤᠭᠰᠠᠨ ᠤ ᠳᠠᠷᠠᠭ᠎ᠠ ᠪᠡᠶ᠎ᠡ ᠪᠠᠨ ᠪᠤᠯᠪᠠᠰᠤᠷᠠᠭᠤᠯᠬᠤ ᠳᠠᠭᠠᠨ ᠶᠡᠭᠡ ᠬᠦᠯᠦᠷᠡᠬᠦ ᠠᠴᠠ ᠬᠢᠴᠢᠶᠡᠪᠡᠯ ᠵᠤᠬᠢᠨ᠎ᠠ᠃ ᠵᠢᠷᠦᠬᠡ ᠳᠠᠷᠢᠬᠢᠨ ᠤ ᠴᠢᠰᠤᠨ ᠰᠤᠳᠠᠯ ᠤᠨ ᠡᠪᠡᠳᠴᠢᠨ ᠲᠠᠢ ᠬᠦᠮᠦᠨ ᠰᠢᠷᠦᠬᠦᠨ ᠬᠦᠳᠡᠯᠬᠡᠬᠡᠨ ᠬᠢᠵᠤ ᠪᠤᠯᠬᠤ ᠦᠬᠡᠢ᠃ ᠠᠮᠢᠰᠬᠤᠯ ᠤᠨ ᠰᠢᠰᠲ᠋ᠧᠮ ᠤᠨ ᠡᠪᠡᠳᠴᠢᠨ ᠲᠠᠢ ᠬᠦᠮᠦᠨ ᠨᠠᠷᠠᠨ ᠤ ᠳᠤᠰᠤᠯᠳᠠ ᠬᠦᠢᠴᠡᠳ ᠦᠶᠡᠰ ᠭᠠᠳᠠᠭᠰᠢ ᠭᠠᠷᠴᠤ ᠪᠤᠯᠪᠠᠰᠤᠷᠠᠪᠠᠯ ᠵᠤᠬᠢᠨ᠎ᠠ᠂ ᠬᠡᠳᠤ ᠬᠦᠢᠳᠡᠨ ᠠᠴᠠ ᠪᠤᠯᠵᠤ ᠰᠡᠳᠤᠯᠳᠡ ᠤᠯᠵᠤ ᠬᠠᠭᠤᠴᠢᠨ ᠠᠷᠬᠠᠭ ᠢᠶᠠᠨ ᠬᠦᠳᠡᠯᠬᠡᠬᠦ ᠠᠴᠠ ᠰᠡᠷᠬᠡᠶᠢᠯᠡᠪᠡᠯ ᠵᠤᠬᠢᠨ᠎ᠠ᠃ ᠬᠦᠳᠡᠯᠬᠡᠬᠡᠨ ᠬᠢᠬᠦ ᠠᠴᠠ ᠡᠮᠤᠨ᠎ᠡ ᠭᠠ ᠲᠠᠢ ᠴᠠᠢ ᠤᠤᠭᠤᠬᠤ ᠨᠢ ᠪᠡᠶ᠎ᠡ ᠶᠢ ᠳᠤᠯᠠᠭᠠᠴᠠᠭᠤᠯᠬᠤ ᠪᠠᠷ ᠪᠠᠷᠠᠬᠤ ᠦᠬᠡᠢ ᠳᠠᠭᠰᠢᠭᠤᠷ ᠢ ᠰᠡᠷᠬᠡᠶᠢᠯᠡᠵᠤ ᠴᠢᠳᠠᠨ᠎ᠠ᠃
ᠢᠷᠡᠯᠲᠡ᠄ ᠬᠦᠯᠦᠭ ᠰᠦᠯᠵᠢᠶ᠎ᠡ