ᠳ᠋ᠦᠩ ᠯᠢᠶᠠᠨ ᠤ ᠺᠠᠷᠲ᠋ᠣᠨ ᠬᠤᠲᠠ
ᠨᠡᠶᠢᠲᠡᠯᠡᠭᠰᠡᠨ ᠴᠠᠭ᠄
2022/11/29
    ᠳ᠋ᠦᠩ ᠯᠢᠶᠠᠨ ᠤ ᠺᠠᠷᠲ᠋ᠣᠨ ᠬᠤᠲᠠ ᠨᠠᠷ᠎ᠠ ᠪᠠᠨ ᠳ᠋ᠦᠩ ᠯᠢᠶᠠᠨ ᠴᠢᠨ ᠤ ᠠᠰᠬᠠᠨ ᠵᠠᠮ ᠤᠨ ᠬᠤᠲᠠ ᠶᠢᠨ ᠵᠢᠭᠤᠯᠴᠢᠯᠠᠯ ᠤᠨ ᠦᠵᠡᠮᠵᠢ ᠶᠢᠨ ᠣᠷᠣᠨ ᠬᠡᠮᠡᠨ ᠦᠬᠡᠷᠡᠴᠢᠯᠡᠪᠠ᠃᠂ ᠲᠡᠷᠡ ᠨᠢ ᠳ᠋ᠦᠩᠱᠧᠩ ᠲᠣᠭᠤᠷᠢᠭ ᠠᠴᠠ ᠪᠠᠷᠠᠭᠤᠨᠰᠢ 25 ᠺᠢᠯᠣᠮᠧᠲᠷ ᠵᠠᠶᠢᠳᠠᠢ ᠭᠠᠵᠠᠷ ᠲᠤ ᠪᠠᠶᠢᠷᠢᠯᠠᠵᠤ᠂ ᠣᠷᠳᠣᠰ ᠬᠤᠲᠠ ᠶᠢᠨ ᠭᠤᠤᠯᠳᠠᠯᠭ᠎ᠠ ᠲᠠᠢ ᠰᠣᠶᠣᠯ ᠤᠨ ᠠᠵᠤ ᠤᠶᠢᠯᠡᠰ ᠪᠠ ᠵᠢᠭᠤᠯᠴᠢᠯᠠᠯ ᠤᠨ ᠨᠡᠭᠡᠭᠡᠨ ᠬᠥᠭᠵᠢᠭᠦᠯᠦᠯᠲᠡ ᠶᠢᠨ ᠲᠥᠷᠥᠯ ᠵᠤᠶᠢᠯ ᠪᠠᠶᠢᠵᠤ᠂ ᠤᠯᠤᠰ ᠤᠨ ᠳᠣᠲᠣᠭᠠᠳᠤ ᠭᠠᠳᠠᠭᠠᠳᠤ ᠶᠢᠨ ᠴᠣᠷ ᠤᠨ ᠭᠠᠭᠴᠠ ᠴᠢᠨ ᠤ ᠠᠰᠬᠠᠨ ᠵᠠᠮ ᠤᠨ ᠰᠣᠶᠣᠯ ᠢᠶᠠᠷ ᠭᠤᠤᠯ ᠰᠡᠳᠦᠪ ᠪᠣᠯᠭᠠᠭᠰᠠᠨ᠂ ᠴᠢᠨ ᠬᠠᠨ ᠤᠯᠤᠰ ᠤᠨ ᠬᠢᠯᠢ ᠶᠢᠨ ᠪᠤᠭᠤᠮᠳᠠ ᠶᠢᠨ ᠰᠣᠶᠣᠯ ᠪᠠ ᠾᠦᠩᠨᠦ ᠶᠢᠨ ᠰᠣᠶᠣᠯ ᠢᠶᠠᠷ ᠣᠨᠴᠠᠯᠢᠭ ᠢᠶᠠᠨ ᠪᠣᠯᠭᠠᠭᠰᠠᠨ ᠵᠢᠭᠤᠯᠴᠢᠯᠠᠯ ᠤᠨ ᠦᠵᠡᠮᠵᠢ ᠶᠢᠨ ᠣᠷᠣᠨ ᠪᠤᠯᠤᠨ᠎ᠠ᠃ ︽ᠨᠢᠭᠡ ᠵᠠᠮ᠂ ᠬᠤᠶᠠᠷ ᠠᠰᠠᠷ᠂ ᠭᠤᠷᠪᠠᠨ ᠲᠤᠭᠤᠷᠢᠭ︾ ᠨᠢ ᠲᠡᠭᠦᠨ ᠤ ᠪᠦᠬᠦᠯᠢ ᠴᠤᠭᠴᠠ ᠶᠢᠨ ᠪᠦᠳᠦᠴᠡ ᠪᠠᠶᠢᠵᠤ᠂ ︽ᠨᠢᠭᠡ ᠵᠠᠮ︾ ᠬᠡᠳᠡᠭ ᠨᠢ ︽ᠴᠢᠨ ᠤ ᠠᠰᠬᠠᠨ ᠵᠠᠮ︾᠂ ︽ᠬᠤᠶᠠᠷ ᠠᠰᠠᠷ︾ ᠬᠡᠳᠡᠭ ᠨᠢ ︽ᠵᠢᠤ ᠶᠤᠸᠠᠨ ᠵᠢᠶᠦ᠋ᠨ ᠠᠰᠠᠷ︾ ᠪᠠ ︽ᠭᠠᠨ ᠴᠢᠤᠸᠠᠨ ᠤᠷᠳᠤᠨ︾ ᠢᠶᠠᠨ ᠬᠡᠯᠡᠵᠤ᠂ ︽ᠭᠤᠷᠪᠠᠨ ᠲᠤᠭᠤᠷᠢᠭ︾ ᠬᠡᠳᠡᠭ ᠨᠢ ︽ᠴᠢᠨ ᠬᠠᠨ ᠤ ᠬᠢᠯᠢ ᠶᠢᠨ ᠪᠤᠭᠤᠮᠳᠠ ᠰᠤᠶᠤᠯ ᠤᠨ ᠲᠤᠭᠤᠷᠢᠭ᠂ ᠾᠦᠡᠭᠨᠤ ᠶᠢᠨ ᠰᠤᠶᠤᠯ ᠤᠨ ᠲᠤᠭᠤᠷᠢᠭ᠂ ᠴᠢᠨ ᠤ ᠠᠰᠬᠠᠨ ᠵᠠᠮ ᠤᠨ ᠲᠤᠭᠯᠠᠯᠳᠠ ᠤᠷᠠᠯᠢᠭ ᠤᠨ ᠲᠤᠭᠤᠷᠢᠭ︾ ᠢᠶᠠᠨ ᠵᠢᠭᠠᠵᠤ ᠪᠠᠶᠢᠳᠠᠭ᠃     ᠭᠤᠣᠯ ᠪᠣᠯᠬᠤ ᠵᠤᠭᠠᠴᠠᠯ ᠤᠨ ᠲᠦᠷᠦᠯ ᠵᠦᠢᠯ ᠭᠡᠪᠡᠯ ᠵᠢᠤ ᠶᠤᠸᠠᠨ ᠵᠢᠶᠦ᠋ᠨ ᠠᠰᠠᠷ᠂ ᠾᠦᠩᠨᠦ ᠶᠢᠨ ᠰᠣᠶᠣᠯ ᠤᠨ ᠮᠦᠽᠧᠢ᠂ ᠾᠦᠩᠨᠦ ᠶᠢᠨ ᠴᠠᠨ ᠢᠦᠢ  ᠶᠢᠨ ᠤᠷᠳᠤᠨ᠂ ᠹᠧᠩ ᠾᠥᠸᠧ 4D ᠺᠢᠨᠣ᠋ ᠶᠢᠨ ᠣᠷᠳᠣᠨ᠂ ᠴᠢᠨ ᠤ ᠤᠷᠳᠤᠨ ᠤ ᠬᠥᠭᠵᠢᠮ ᠪᠥᠵᠢᠭ ᠵᠡᠷᠭᠡ ᠪᠠᠶᠢᠵᠤ᠂ ᠵᠦᠩᠶᠤᠸᠠᠨ ᠣᠷᠣᠨ ᠤ ᠲᠠᠷᠢᠶᠠᠯᠠᠩ ᠤᠨ ᠰᠣᠶᠣᠯ ᠪᠣᠯᠤᠨ ᠤᠮᠠᠷᠠᠲᠤ ᠶᠢᠨ ᠨᠡᠭᠦᠳᠡᠯ ᠮᠠᠯᠵᠢᠯ ᠤᠨ ᠰᠣᠶᠣᠯ ᠤᠨ ᠠᠭᠤᠰᠤᠯᠴᠠᠨ ᠬᠥᠭᠵᠢᠭᠰᠡᠨ ᠭᠤᠶᠢᠳᠠ ᠰᠠᠶᠢᠬᠠᠨ ᠰᠣᠶᠣᠯ ᠵᠢᠭᠤᠯᠴᠢᠯᠠᠯ ᠤᠨ ᠣᠷᠣᠨ ᠢ ᠪᠦᠷᠢᠯᠳᠦᠭᠦᠯᠵᠦ᠂ ᠤᠷᠳᠤᠰ ᠲᠡᠷᠡᠴᠢᠯᠡᠨ ᠥᠪᠥᠷ ᠮᠣᠩᠭᠤᠯ ᠤᠨ ᠥᠪᠡᠷᠮᠢᠴᠡ ᠣᠨᠴᠠᠯᠢᠭ ᠲᠠᠢ ᠰᠣᠶᠣᠯ ᠵᠢᠭᠤᠯᠴᠢᠯᠠᠯ ᠤᠨ ᠨᠡᠷᠡᠳᠤ ᠲᠡᠮᠳᠡᠭ ᠪᠣᠯᠤᠭᠰᠠᠨ ᠪᠠᠶᠢᠨ᠎ᠠ᠃
微信图片_20220906105332.gif
微信图片_20210331104759.jpg
微信图片_20210331104617.jpg
微信图片_20220906105401.jpg
微信图片_20220906105410.jpg
 
微信图片_20220906105546.jpg
微信图片_20220906105617.jpg
 
微信图片_20220906105709.jpg
微信图片_20220906105757.jpg
微信图片_20220906105853.jpg
微信图片_20220906105907.jpg
微信图片_20220906105859.png
ᠢᠷᠡᠯᠲᠡ᠄ ᠲᠤᠰ ᠰᠦᠯᠵᠢᠶ᠎ᠠ