ᠪᠠᠭ᠎ᠠ ᠴᠠᠰᠤᠨ ᠤ ᠴᠠᠭ ᠤᠯᠠᠷᠢᠯ ᠳᠤ ᠬᠡᠯᠡᠳᠡᠭ ︽ᠪᠠᠭ᠎ᠠ ᠴᠠᠰᠤ︾ ᠨᠢ ᠡᠳᠤᠷ ᠳᠤᠳᠤᠮ ᠤᠨ ᠴᠠᠭ ᠠᠭᠤᠷ | ᠤᠨ ᠤᠷᠢᠳᠴᠢᠯᠠᠭᠰᠠᠨ ᠮᠡᠳᠡᠬᠡᠨ ᠳᠤ ᠬᠡᠯᠡᠳᠡᠭ ︽ᠪᠠᠭ᠎ᠠ ᠴᠠᠰᠤ︾ ᠲᠠᠢ ᠠᠳᠠᠯᠢ ᠦᠬᠡᠢ᠃ | ᠴᠠᠭ ᠠᠭᠤᠷ ᠤᠨ ᠤᠷᠢᠳᠴᠢᠯᠠᠭᠰᠠᠨ ᠮᠡᠳᠡᠬᠡᠨ ᠳᠠᠬᠢ ᠪᠠᠭ᠎ᠠ ᠴᠠᠰᠤ ᠬᠡᠳᠡᠭ ᠨᠢ ᠪᠠᠭ᠎ᠠ ᠴᠠᠰᠤ ᠤᠷᠤᠬᠤ ᠶᠢ | ᠵᠢᠭᠠᠵᠤ ᠪᠠᠶᠢᠨ᠎ᠠ᠃ ᠴᠠᠰᠤ ᠪᠤᠯ ᠬᠦᠢᠳᠡᠨ ᠠᠭᠤᠷ ᠠᠮᠢᠰᠬᠤᠯ ᠤᠨ ᠪᠦᠳᠦᠬᠡᠭᠳᠡᠬᠦᠨ ᠮᠦᠨ᠃ ᠴᠠᠭ ᠠᠭᠤᠷ ᠤᠨ | ᠰᠤᠳᠤᠯᠤᠯ ᠳᠡᠬᠡᠷ᠎ᠡ ᠴᠠᠰᠤ ᠤᠷᠤᠬᠤ ᠦᠶ᠎ᠡ ᠶᠢᠨ ᠬᠡᠪᠳᠡᠭᠡ ᠦᠵᠡᠭᠳᠡᠬᠦ ᠵᠠᠢ ᠨᠢ 1000 ᠮᠧᠲᠷ ᠲᠠᠢ ᠳᠡᠩᠴᠡᠬᠦᠦ | ᠪᠤᠶᠤ ᠳᠡᠬᠦᠨ ᠠᠴᠠ ᠶᠡᠭᠡ ᠪᠠᠶᠢᠵᠤ᠂ ᠭᠠᠵᠠᠷ ᠤᠨ ᠭᠠᠳᠠᠷᠭᠤ ᠶᠢᠨ ᠴᠠᠰᠤᠨ ᠤ ᠬᠦᠨ ᠤ ᠬᠡᠮᠵᠢᠶ᠎ᠡ ᠨᠢ 0.1 —2. | 4 ᠮᠢᠯᠢᠮᠧᠲᠷ ᠤᠨ ᠬᠤᠭᠤᠷᠤᠨᠳᠤᠬᠢ ᠴᠠᠰᠤ ᠶᠢ ︽ᠪᠠᠭ᠎ᠠ ᠴᠠᠰᠤ︾ ᠬᠡᠨ᠎ᠡ᠃ | ᠴᠠᠭ ᠤᠯᠠᠷᠢᠯ ᠤᠨ ᠪᠠᠭ᠎ᠠ ᠴᠠᠰᠤ ᠪᠤᠯ ᠠᠭᠤᠷ ᠠᠮᠢᠰᠬᠤᠯ ᠤᠨ ᠤᠬᠠᠭᠳᠠᠬᠤᠨ᠂ ᠳᠡᠷᠡ ᠨᠢ ᠪᠠᠭ᠎ᠠ ᠴᠠᠰᠤᠨ | ᠤ ᠴᠠᠭ ᠤᠯᠠᠷᠢᠯ ᠤᠨ ᠬᠤᠭᠤᠴᠠᠭᠠᠨ ᠤ ᠠᠭᠤᠷ ᠠᠮᠢᠰᠬᠤᠯ ᠤᠨ ᠤᠨᠴᠠᠯᠢᠭ ᠢ ᠲᠦᠯᠦᠬᠡᠯᠡᠵᠤ ᠪᠠᠶᠢᠨ᠎ᠠ᠃ ᠠᠭᠤᠷ | ᠠᠮᠢᠰᠬᠤᠯ ᠤᠨ ᠡᠯᠧᠮᠧᠨ᠋ᠲ ᠲᠤ ᠳᠤᠨᠳᠠᠰᠤ᠂ ᠠᠭᠠᠷ ᠤᠨ ᠳᠤᠯᠠᠭᠠᠨ᠂ ᠬᠡᠷᠡᠯ ᠤᠨ ᠳᠤᠰᠤᠯᠳᠠ ᠵᠡᠷᠬᠡ ᠪᠠᠭᠳᠠᠨ᠎ᠠ᠂ | ᠡᠬᠦᠨ ᠳᠤ ᠳᠤᠨᠳᠠᠰᠤ ᠪᠤᠯ ᠠᠭᠤᠷ ᠠᠮᠢᠰᠬᠤᠯ ᠤᠨ ᠨᠢᠬᠡᠨ ᠴᠢᠬᠤᠯᠠ ᠡᠯᠧᠮᠧᠨ᠋ᠲ ᠪᠠᠶᠢᠵᠤ᠂ ᠴᠠᠭ ᠠᠭᠤᠷ ᠳᠡᠬᠡᠷ᠎ᠡ | ᠪᠤᠷᠤᠭᠠᠨ᠂ ᠴᠠᠰᠤ᠂ ᠮᠦᠨᠳᠤᠷ ᠵᠡᠷᠬᠡ ᠤᠭᠳᠠᠷᠭᠤᠢ ᠠᠴᠠ ᠭᠠᠵᠠᠷ ᠤᠨ ᠭᠠᠳᠠᠷᠭᠤ ᠳᠤ ᠪᠠᠭᠤᠵᠤ ᠢᠷᠡᠭᠰᠡᠨ ᠤᠰᠤᠨ | ᠠᠭᠤᠷ ᠤᠨ ᠴᠡᠷᠴᠠᠮᠠᠯ ᠪᠤᠳᠠᠰ ᠢ ᠪᠦᠷ ︽ᠳᠤᠨᠳᠠᠰᠤ︾ ᠬᠡᠳᠡᠭ᠃ ᠡᠨᠡ ᠬᠦ ᠴᠠᠭ ᠤᠯᠠᠷᠢᠯ ᠢ ᠪᠠᠭ᠎ᠠ ᠴᠠᠰᠤ ᠬᠡᠳᠡᠭ | ᠤᠨ ᠤᠴᠢᠷ ᠨᠢ᠂ ︽ᠴᠠᠰᠤ︾ ᠪᠤᠯ ᠬᠠᠬᠢᠷ ᠬᠦᠢᠳᠡᠨ ᠴᠠᠭ ᠠᠭᠤᠷ ᠤᠨ ᠪᠦᠳᠦᠬᠡᠭᠳᠡᠬᠦᠨ ᠮᠦᠨ᠂ ᠡᠨᠡ ᠬᠦ ᠴᠠᠭ | ᠠᠭᠤᠷ ᠤᠨ ᠬᠤᠭᠤᠴᠠᠭᠠᠨ ᠤ ᠠᠭᠤᠷ ᠠᠮᠢᠰᠬᠤᠯ ᠬᠠᠬᠢᠷ ᠬᠦᠢᠳᠡᠨ ᠪᠢᠰᠢ ᠮᠦᠷᠳᠡᠬᠡᠨ ᠬᠤᠷ᠎ᠠ ᠳᠤᠨᠳᠠᠰᠤ ᠨᠢ ᠶᠡᠭᠡ | ᠪᠢᠰᠢ ᠪᠤᠯᠬᠤᠷ ︽ᠪᠠᠭ᠎ᠠ ᠴᠠᠰᠤ︾ ᠪᠠᠷ ᠡᠨᠡ ᠬᠦ ᠴᠠᠭ ᠤᠯᠠᠷᠢᠯ ᠤᠨ ᠬᠤᠭᠤᠴᠠᠭᠠᠨ ᠤ ᠠᠭᠤᠷ ᠠᠮᠢᠰᠬᠤᠯ ᠤᠨ | ᠤᠨᠴᠠᠯᠢᠭ ᠢ ᠵᠦᠢᠷᠯᠡᠳᠡᠭ᠃ |