︽ᠪᠠᠭ᠎ᠠ ᠴᠠᠰᠤ︾ ᠤᠷᠤᠭᠰᠠᠨ ᠤ ᠳᠠᠷᠠᠭ᠎ᠠ ᠶᠠᠭᠤ ᠶᠢ ᠠᠩᠬᠠᠷᠬᠤ ᠪᠤᠢ︖
ᠨᠡᠶᠢᠲᠡᠯᠡᠭᠰᠡᠨ ᠴᠠᠭ᠄
2022/11/22
       ︽ᠪᠠᠭ᠎ᠠ ᠴᠠᠰᠤ︾ ᠬᠡᠳᠡᠭ ᠨᠢ ︽ᠬᠦᠢᠳᠡᠷᠡᠵᠤ ᠴᠠᠰᠤ ᠤᠷᠤᠬᠤ︾ ᠬᠡᠳᠡᠭ ᠢ ᠬᠡᠯᠡᠵᠤ ᠪᠤᠢ᠃  ᠡᠨᠡ ᠨᠢ ᠳᠤᠰ ᠴᠠᠭ ᠤᠯᠠᠷᠢᠯ ᠤᠨ ᠠᠭᠤᠷ ᠠᠮᠢᠰᠬᠤᠯ ᠤᠨ ᠤᠨᠴᠠᠯᠢᠭ ᠢ ᠲᠦᠯᠦᠬᠡᠯᠡᠵᠤ ᠪᠠᠶᠢᠨ᠎ᠠ᠃ ᠬᠠᠷᠢᠨ ᠪᠠᠭ᠎ᠠ ᠬᠡᠮᠵᠢᠶᠡᠨ  ᠤ ᠴᠠᠰᠤ ᠤᠷᠤᠨ᠎ᠠ ᠬᠡᠰᠡᠨ ᠦᠬᠡ ᠪᠢᠰᠢ᠃       ︽ᠪᠠᠭ᠎ᠠ ᠴᠠᠰᠤ︾ ᠶᠢᠨ ᠬᠤᠭᠤᠴᠠᠭᠠᠨ ᠳᠤ᠂ ᠬᠦᠢᠳᠡᠨ ᠤᠷᠤᠰᠬᠠᠯ ᠪᠠ ᠬᠦᠢᠳᠡᠨ ᠠᠭᠤᠷ ᠠᠮᠢᠰᠬᠤᠯ ᠬᠦᠷᠴᠤ ᠢᠷᠡᠬᠡᠳ᠂ ᠤᠮᠠᠷᠠᠳᠤ ᠤᠷᠤᠨ ᠳᠤ ᠬᠠᠬᠢᠷ ᠬᠦᠢᠳᠡᠨ ᠪᠤᠯᠳᠠᠭ᠃ ᠬᠦᠢᠳᠡᠨ ᠠᠭᠤᠷ ᠠᠮᠢᠰᠬᠤᠯ ᠤᠨ ᠳᠠᠰᠤᠷᠠᠯᠳᠠ ᠦᠬᠡᠢ ᠡᠮᠤᠨᠡᠰᠢᠯᠡᠬᠦ ᠶᠢ ᠳᠠᠭᠠᠯᠳᠤᠨ᠂ ᠡᠮᠤᠨᠡᠳᠤ ᠤᠷᠤᠨ ᠳᠤ ᠴᠤ ᠰᠠᠯᠬᠢᠯᠠᠵᠤ ᠳᠤᠯᠠᠭᠠᠨ ᠤ ᠬᠡᠮᠵᠢᠶ᠎ᠡ ᠳᠤᠷᠤᠭᠰᠢᠯᠠᠨ᠎ᠠ᠃       ︽ᠪᠠᠭ᠎ᠠ ᠴᠠᠰᠤ︾ ᠳᠤ᠂ ᠳᠤᠤᠷᠠᠬᠢ ᠭᠤᠷᠪᠠᠨ ᠵᠦᠢᠯ ᠤᠨ ᠦᠷᠬᠦᠯᠵᠢ ᠳᠤᠬᠢᠶᠠᠯᠳᠤᠳᠠᠭ ᠡᠪᠡᠳᠴᠢᠨ ᠢ ᠰᠡᠷᠬᠡᠶᠢᠯᠡᠬᠦ ᠬᠡᠷᠡᠭᠳᠡᠢ᠃ ᠡᠨᠡ ᠴᠠᠭ ᠤᠯᠠᠷᠢᠯ ᠤᠨ ᠡᠮᠤᠨ᠎ᠡ ᠬᠤᠶᠢᠨ᠎ᠠ ᠪᠠᠷ ᠭᠤᠷᠪᠠᠨ ᠲᠦᠷᠦᠯ ᠤᠨ ᠡᠪᠡᠳᠴᠢᠨ ᠤ ᠡᠬᠦᠰᠬᠦ ᠨᠤᠷᠮ᠎ᠠ ᠨᠡᠯᠢᠶᠡᠳ ᠦᠨᠳᠤᠷ ᠪᠠᠶᠢᠳᠠᠭ᠃ ᠨᠢᠬᠡᠳᠤᠬᠡᠷ ᠲᠦᠷᠦᠯ ᠨᠢ ᠬᠢᠷᠬᠢᠶ᠎ᠡ᠂ ᠠᠭᠤᠰᠬᠢᠨ ᠦᠷᠪᠢᠰᠤᠯ᠂ ᠤᠳᠠᠭᠠᠨ ᠴᠢᠨᠠᠷᠳᠠᠢ ᠰᠠᠯᠪᠤᠷᠢ ᠮᠦᠬᠡᠷᠰᠤᠨ ᠬᠤᠭᠤᠯᠠᠢ ᠶᠢᠨ ᠦᠷᠪᠢᠰᠤᠯ ᠵᠡᠷᠬᠡ ᠠᠮᠢᠰᠬᠤᠯ ᠤᠨ ᠵᠠᠮ ᠤᠨ ᠬᠠᠯᠳᠠᠪᠤᠷᠢᠯᠠᠯ ᠤᠨ ᠲᠦᠷᠦᠯ ᠤᠨ ᠡᠪᠡᠳᠴᠢᠨ᠂ ᠡᠨᠡ ᠲᠦᠷᠦᠯ ᠤᠨ ᠡᠪᠡᠳᠴᠢᠨ ᠤ ᠤᠯᠠᠩᠬᠢ ᠨᠢ ᠠᠭᠠᠷ ᠤᠨ ᠳᠤᠯᠠᠭᠠᠨ ᠳᠤᠭᠳᠠᠪᠤᠷᠢ ᠦᠬᠡᠢ᠂ ᠬᠡᠨᠡᠳᠳᠡ ᠬᠦᠢᠳᠡᠷᠡᠵᠤ ᠬᠡᠨᠡᠳᠳᠡ ᠳᠤᠯᠠᠭᠠᠷᠠᠬᠤ ᠠᠴᠠ ᠪᠤᠯᠵᠤ ᠪᠡᠶ᠎ᠡ ᠵᠢᠩᠬᠢᠨᠡᠬᠦ  ᠲᠠᠢ ᠬᠤᠯᠪᠤᠭ᠎ᠠ ᠲᠠᠢ︔ ᠬᠤᠶᠠᠳᠤᠭᠠᠷ ᠲᠦᠷᠦᠯ ᠨᠢ ᠵᠢᠷᠦᠬᠡ ᠴᠢᠰᠤᠨ ᠰᠤᠳᠠᠯ ᠤᠨ ᠲᠦᠷᠦᠯ ᠤᠨ ᠡᠪᠡᠳᠴᠢᠨ᠂ ᠡᠨᠡ ᠲᠦᠷᠦᠯ ᠤᠨ ᠡᠪᠡᠳᠴᠢᠨ ᠤ ᠤᠯᠠᠩᠬᠢ ᠨᠢ ᠠᠭᠠᠷ ᠤᠨ ᠳᠤᠯᠠᠭᠠᠨ ᠬᠡᠨᠡᠳᠳᠡ ᠳᠤᠷᠤᠭᠰᠢᠯᠠᠬᠤ ᠲᠠᠢ ᠬᠤᠯᠪᠤᠭ᠎ᠠ  ᠲᠠᠢ︔ ᠭᠤᠷᠪᠠᠳᠤᠭᠠᠷ ᠲᠦᠷᠦᠯ ᠨᠢ ᠰᠠᠭᠤᠯᠭᠠᠬᠤ᠃ ᠡᠶᠢᠮᠤ ᠠᠴᠠ ᠪᠡᠶ᠎ᠡ ᠮᠠᠬᠠᠪᠤᠳ ᠢᠶᠠᠨ ᠴᠢᠬᠢᠷᠠᠭᠵᠢᠭᠤᠯᠵᠤ᠂ ᠡᠬᠡᠯᠢᠯᠡᠭᠡ ᠶᠢᠨ ᠴᠢᠳᠠᠪᠤᠷᠢ ᠪᠠ ᠬᠦᠢᠳᠡᠨ ᠢ ᠡᠰᠡᠷᠬᠦᠴᠡᠬᠦ ᠴᠢᠳᠠᠪᠤᠷᠢ ᠪᠠᠨ ᠳᠡᠬᠡᠭᠰᠢᠯᠡᠬᠦᠯᠬᠦ ᠬᠡᠷᠡᠭᠳᠡᠢ᠃       ᠢᠳᠡᠬᠡᠨ ᠤ ᠳᠠᠯ᠎ᠠ ᠪᠠᠷ᠂ ᠢᠯᠴᠢ ᠶᠢᠨ ᠬᠡᠮᠵᠢᠶ᠎ᠡ ᠦᠨᠳᠤᠷ ᠮᠢᠬ᠎ᠠ᠂ ᠵᠢᠭᠠᠰᠤ᠂ ᠰᠦᠨ ᠤ ᠵᠦᠢᠯ ᠵᠢᠴᠢ ᠬᠤᠰᠢᠭ᠎ᠠ᠂ ᠴᠢᠪᠠᠭ᠎ᠠ᠂ ᠭᠠᠪᠢᠷ᠎ᠠ᠂ ᠬᠠᠷ᠎ᠠ ᠮᠠᠭᠠᠵᠢ᠂ ᠬᠠᠷ᠎ᠠ ᠪᠤᠷᠴᠠᠭ᠂ ᠬᠠᠷ᠎ᠠ ᠳᠠᠯᠳᠠᠤ ᠵᠡᠷᠬᠡ ᠸᠢᠲ᠋ᠠᠮᠢᠨ ᠪᠤᠯᠤᠨ ᠳᠡᠮᠦᠷᠯᠢᠭ ᠡᠯᠪᠡᠭ ᠠᠭᠤᠯᠤᠭᠰᠠᠨ ᠢᠳᠡᠬᠡᠨ ᠢ ᠵᠤᠬᠢᠰᠳᠠᠢ ᠢᠯᠡᠬᠦᠦ ᠢᠳᠡᠵᠤ ᠪᠤᠯᠤᠨ᠎ᠠ᠃       ︽ᠪᠠᠭ᠎ᠠ ᠴᠠᠰᠤ︾ ᠶᠢᠨ ᠴᠠᠭ ᠤᠯᠠᠷᠢᠯ ᠳᠤ᠂ ᠦᠷᠬᠦᠯᠵᠢ ᠵᠢᠬᠡᠬᠦᠨ ᠬᠠᠷᠠᠩᠭᠤᠢ ᠠᠭᠤᠷ ᠠᠮᠢᠰᠬᠤᠯ ᠲᠠᠢ ᠪᠠᠶᠢᠵᠤ᠂ ᠬᠦᠮᠦᠰ ᠤᠨ ᠰᠡᠳᠬᠢᠯ ᠰᠠᠨᠠᠭ᠎ᠠ ᠶᠢ ᠨᠦᠯᠦᠬᠡᠯᠡᠳᠡᠭ᠃ ᠡᠶᠢᠮᠤ ᠠᠴᠠ ᠨᠡᠶᠢᠬᠡᠮ ᠤᠨ ᠠᠵᠢᠯᠯᠠᠭ᠎ᠠ ᠳᠤ ᠦᠷᠬᠦᠯᠵᠢ ᠤᠷᠤᠯᠴᠠᠵᠤ᠂ ᠭᠠᠳᠠᠨ᠎ᠠ ᠢᠯᠡᠬᠦᠬᠡᠨ ᠶᠠᠪᠤᠵᠤ᠂ ᠨᠠᠷᠠᠨ ᠳᠤ ᠢᠯᠡᠬᠦᠬᠡᠨ ᠡᠬᠡᠬᠡᠵᠤ᠂ ᠰᠡᠳᠬᠢᠯ ᠰᠠᠨᠠᠭ᠎ᠠ  ᠪᠠᠨ ᠠᠭᠤᠵᠢᠷᠠᠭᠤᠯᠬᠤ ᠬᠡᠷᠡᠭᠳᠡᠢ᠃ ᠬᠦᠬᠡ ᠨᠤᠭᠤᠭ᠎ᠠ ᠪᠤᠶᠤ ᠮᠦᠯᠢ᠂ ᠰᠢᠷ᠎ᠠ ᠪᠤᠷᠴᠠᠭ᠂ ᠳᠤᠭᠤᠷ᠂ ᠨᠢᠮᠪᠡᠭᠡ᠂  ᠪᠠᠨᠠᠨᠠ᠂  ᠳᠤᠰᠢᠯᠤᠭ ᠵᠡᠷᠬᠡ ᠨᠠᠪᠴᠢᠨ ᠤ ᠬᠦᠴᠢᠯ ᠡᠯᠪᠡᠭ ᠠᠭᠤᠯᠤᠭᠰᠠᠨ ᠢᠳᠡᠬᠡᠨ ᠢ ᠦᠷᠬᠦᠯᠵᠢ ᠢᠳᠡᠪᠡᠯ ᠭᠠᠩᠰᠠᠷᠠᠯ ᠢ ᠨᠠᠮᠳᠠᠭᠤᠯᠬᠤ ᠳᠤ ᠳᠤᠰᠠᠯᠠᠬᠤ ᠦᠢᠯᠡᠳᠤᠯ ᠲᠠᠢ᠃
ᠢᠷᠡᠯᠲᠡ᠄ ᠬᠦᠯᠦᠭ ᠰᠦᠯᠵᠢᠶ᠎ᠡ