ᠮᠦᠽᠧᠢ ᠲᠤᠭᠳᠠᠭᠠᠬᠤ ᠡᠷᠳᠡᠨᠢ — ᠬᠦᠷᠡᠯ ᠵᠠᠭᠠᠨ
ᠨᠡᠶᠢᠲᠡᠯᠡᠭᠰᠡᠨ ᠴᠠᠭ᠄
2022/11/14
      ᠵᠠᠭᠠᠨ ᠪᠤᠯ ᠤᠳᠤᠬᠠᠨ ᠳᠠᠭᠠᠨ ᠲᠡᠯᠡᠭᠡᠢ ᠶᠢᠨ ᠪᠦᠮᠪᠦᠷᠴᠡᠭ ᠲᠡᠭᠡᠷᠡᠬᠢ ᠬᠠᠮᠤᠭ ᠤᠨ ᠲᠤᠮᠤ ᠡᠭᠡ ᠬᠠᠭᠤᠷᠠᠢ ᠳᠤ  ᠠᠮᠢᠳᠤᠷᠠᠳᠠᠭ ᠬᠦᠬᠦᠳᠡᠨ ᠠᠮᠢᠳᠠᠨ  ᠪᠤᠯᠤᠨ᠎ᠠ᠃ ᠵᠠᠭᠠᠨ ᠨᠢ ᠡᠷᠳᠡᠨ ᠠᠴᠠ ᠢᠨᠠᠭᠰᠢ ᠪᠦᠷ ᠦᠯᠵᠡᠢ ᠲᠡᠮᠪᠡᠷᠢᠯ᠂  ᠡ᠊ᠡᠭᠭᠡ ᠲᠠᠶᠢᠪᠤᠡᠭ ᠤᠨ ᠪᠡᠯᠭᠡᠳᠡᠯ ᠪᠤᠯᠤᠭᠰᠠᠭᠠᠷ ᠢᠷᠡᠵᠡᠢ᠃ ᠡᠷᠳᠡᠨ ᠤ ᠨᠤᠮ ᠰᠤᠳᠤᠷ ᠲᠤ ᠲᠡᠮᠳᠡᠭᠯᠡᠭᠳᠡᠭᠰᠡᠨ ᠢ  ᠦᠨᠳᠦᠰᠦᠯᠡᠪᠡᠯ ᠵᠠᠭᠠᠨ ᠨᠢ ᠪᠠᠰᠠ ᠲᠠᠶᠢᠨ ᠪᠠᠶᠢᠯᠳᠤᠭᠠᠨ ᠳᠤ ᠦᠷᠬᠦᠯᠵᠢ ᠬᠡᠷᠡᠭᠯᠡᠭᠳᠡᠳᠡᠭ ᠪᠠᠶᠢᠵᠠᠢ᠃ ᠱᠠᠩ ᠤᠯᠤᠰ  ᠵᠧᠤ ᠤᠯᠤᠰ ᠤᠨ ᠦᠶ᠎ᠡ ᠳᠤ ᠵᠠᠭᠠᠨ ᠬᠡᠯᠪᠡᠷᠢ ᠲᠠᠢ ᠠᠷᠢᠬᠢ ᠠᠭᠤᠯᠬᠤ ᠰᠠᠪᠠ ᠪᠤᠯ ᠬᠡᠯᠪᠡᠷᠢ ᠲᠦᠷᠰᠦ᠂ ᠬᠡ  ᠤᠭᠠᠯᠵᠠ ᠪᠠᠷ ᠢᠶᠠᠨ ᠬᠠᠮᠤᠭ ᠠᠴᠠ ᠤᠨᠴᠠᠭᠠᠢᠢᠷᠠᠭᠰᠠᠨ ᠬᠦᠷᠡᠯ ᠪᠠᠭᠠᠵᠢ ᠪᠠᠶᠢᠵᠤ᠂ ᠲᠤᠬᠠᠢ ᠶᠢᠨ ᠦᠶ᠎ᠡ ᠶᠢᠨ  ᠲᠠᠶᠢᠯᠭ᠎ᠠ ᠲᠠᠬᠢᠯᠭ᠎ᠠ ᠶᠢᠨ ᠲᠤᠮᠳᠠ ᠠᠷᠢᠬᠢ ᠰᠠᠪᠠᠯᠠᠬᠤ ᠶᠤᠰᠤᠯᠠᠯ ᠤᠨ ᠪᠠᠭᠠᠵᠢ ᠶᠢᠨ ᠨᠢᠭᠡ ᠪᠠᠷ ᠬᠡᠷᠡᠭᠯᠡᠭᠳᠡᠵᠤ ᠪᠠᠶᠢᠭᠰᠠᠨ ᠶᠤᠮ᠃ ᠡᠶᠢᠮᠦᠷᠬᠦᠤ ᠬᠦᠷᠡᠯ ᠪᠠᠭᠠᠵᠢ ᠨᠢ ᠵᠠᠭᠠᠨ ᠢ ᠲᠠᠭᠤᠷᠢᠶᠠᠵᠤ ᠬᠢᠭᠰᠡᠨ ᠤᠴᠢᠷ ᠠᠴᠠ ᠲᠦᠷᠢ  ᠲᠦᠷᠬᠦ ᠨᠢ ᠠᠮᠢᠳᠤᠯᠢᠭ᠂ ᠬᠢᠴᠡ ᠨᠢ ᠨᠠᠷᠢᠯᠢᠭ ᠪᠠᠶᠢᠳᠠᠭ᠃ ᠵᠠᠭᠠᠨ ᠬᠡᠯᠪᠡᠷᠢ ᠲᠠᠢ ᠰᠠᠪᠠ ᠬᠡᠷᠡᠭᠰᠡᠯ ᠨᠢ ᠮᠠᠨ ᠤ  ᠤᠯᠤᠰ ᠤᠨ ᠡᠷᠳᠡᠨ ᠤ ᠦᠶ᠎ᠡ ᠶᠢᠨ ᠲᠠᠪᠳᠠᠨ  ᠪᠤᠯᠪᠠᠰᠤᠷᠠᠭᠤᠯᠬᠤ ᠮᠡᠷᠭᠡᠵᠢᠯ ᠬᠢᠭᠡᠳ ᠤᠷᠠᠯᠢᠭ ᠤᠨ ᠡᠭᠦᠳᠦᠨ  ᠪᠦᠳᠦᠭᠡᠯᠳᠡ ᠶᠢᠨ ᠬᠢᠷᠢ ᠲᠦᠪᠰᠢᠨ ᠨᠡᠯᠢᠶᠡᠳ ᠦᠨᠳᠦᠷ ᠬᠢᠷᠢ ᠬᠡᠮᠵᠢᠶᠡᠨ ᠳᠤ ᠬᠦᠷᠦᠭᠰᠡᠨ ᠢ ᠬᠠᠷᠠᠭᠤᠯᠤᠭᠰᠠᠨ ᠪᠠᠶᠢᠨ᠎ᠠ᠃       ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠳᠤ ᠲᠡᠮᠳᠡᠭᠯᠡᠭᠰᠡᠨ ᠢ ᠦᠨᠳᠦᠰᠦᠯᠡᠪᠡᠯ᠂ ᠤᠳᠤᠬᠠᠨ ᠳᠤ ᠤᠯᠤᠰ ᠤᠨ ᠲᠤᠳᠤᠭᠠᠳᠤ ᠭᠠᠳᠠᠭᠠᠳᠤ ᠶᠢᠨ ᠮᠦᠽᠧᠢ ᠳᠤ ᠬᠤᠷᠢᠶᠠᠨ ᠬᠠᠳᠠᠭᠠᠯᠠᠵᠤ ᠪᠠᠶᠢᠭ᠎ᠠ ᠬᠦᠷᠡᠯ ᠬᠢᠴᠡ ᠲᠠᠢ ᠵᠠᠭᠠᠨ ᠤ ᠬᠡᠯᠪᠡᠷᠢᠳᠤ ᠠᠷᠢᠬᠢ ᠠᠭᠤᠯᠬᠤ ᠰᠠᠪᠠ ᠨᠡᠶᠢᠳᠡ 5 ᠪᠤᠢ᠂ ᠡᠭᠦᠨ ᠳᠤ 3 ᠨᠢ ᠱᠠᠩ ᠤᠯᠤᠰ ᠤᠨ ᠦᠶ᠎ᠡ ᠳᠤ ᠵᠤᠬᠢᠶᠠᠭᠳᠠᠭᠰᠠᠨ ᠪᠠᠶᠢᠨ᠎ᠠ᠂ ᠡᠨᠡ ᠨᠢ ᠪᠠᠷᠤᠭ ᠱᠠᠩ ᠤᠯᠤᠰ ᠤᠨ ᠬᠦᠮᠦᠨ ᠡᠮᠦᠨᠡᠰᠢ ᠨᠡᠭᠦᠬᠦ ᠦᠶ᠎ᠡ ᠶᠢᠨ ᠬᠡᠷᠡᠴᠢ ᠪᠤᠯᠤᠨ᠎ᠠ᠃ ᠡᠶᠢᠮᠦᠷᠬᠦᠤ ᠬᠦᠷᠡᠯ ᠵᠠᠭᠠᠨ ᠨᠢ ᠠᠭᠤᠯᠠ ᠬᠠᠶᠢᠷᠬᠠᠨ ᠤ ᠲᠤᠮᠳᠠ ᠲᠠᠷᠬᠠᠵᠤ ᠪᠠᠶᠢᠳᠠᠭ ᠠᠴᠠ ᠲᠡᠤᠭᠡᠨ ᠲᠤᠷᠠᠰᠬᠠᠯᠳᠤ ᠵᠦᠢᠯᠡᠰ ᠤᠨ ᠬᠠᠭᠤᠴᠢ ᠰᠤᠳᠤᠯᠤᠯ ᠤᠨ ᠬᠦᠷᠢᠶᠡᠨ ᠳᠠᠬᠢ ᠤᠷᠳᠤ ᠬᠤᠭᠤᠴᠠᠭ᠎ᠠ ᠪᠠᠷ ᠰᠤᠳᠤᠯᠤᠭᠤᠰᠢᠳᠠᠢ ᠬᠦᠴᠢᠷ ᠠᠰᠠᠭᠤᠳᠠᠯ ᠤᠨ ᠨᠢᠭᠡ ᠪᠤᠯᠵᠠᠢ᠃ ᠡᠭᠦᠨ ᠠᠴᠠ ᠭᠠᠳᠠᠨ᠎ᠠ ᠪᠠᠷᠠᠭᠤᠨ ᠵᠧᠤ ᠤᠯᠤᠰ ᠤᠨ ᠵᠠᠭᠠᠨ ᠬᠡᠯᠪᠡᠷᠢ ᠲᠠᠢ ᠠᠷᠢᠬᠢ ᠠᠭᠤᠯᠬᠤ ᠰᠠᠪᠠ ᠪᠠ ᠴᠠᠭ ᠦᠶ᠎ᠡ ᠨᠢ ᠲᠤᠳᠤᠷᠬᠠᠢ ᠪᠤᠰᠤ ᠵᠠᠭᠠᠨ ᠬᠡᠯᠪᠡᠷᠢ ᠲᠠᠢ ᠠᠷᠢᠬᠢ ᠠᠭᠤᠯᠬᠤ ᠰᠠᠪᠠ ᠨᠢ ᠴᠤ ᠪᠦᠷ ᠮᠦᠽᠧᠢ ᠶᠢ ᠲᠤᠭᠳᠠᠭᠠᠬᠤ ᠡᠷᠳᠡᠨᠢ ᠪᠤᠯᠤᠭᠰᠠᠨ ᠪᠠᠶᠢᠨ᠎ᠠ᠃     ᠱᠠᠩ ᠤᠯᠤᠰ ᠤᠨ ᠬᠦᠷᠡᠯ ᠵᠠᠭᠠᠨ ᠤ ᠲᠤᠳᠤᠷ᠎ᠠ᠂ 1975 ᠤᠨ ᠳᠤ ᠬᠤᠨᠠᠨ ᠮᠤᠵᠢ ᠠᠴᠠ ᠮᠠᠯᠳᠠᠵᠤ ᠭᠠᠷᠭᠠᠭᠰᠠᠨ ᠵᠠᠭᠠᠨ ᠨᠢ ᠬᠠᠮᠤᠭ ᠤᠨ ᠬᠤᠪᠤᠷ ᠨᠠᠨᠳᠢᠨ ︵ᠵᠢᠷᠤᠭ ᠨᠢᠭᠡ︶ ᠪᠤᠯᠤᠨ᠎ᠠ᠃ ᠤᠳᠤᠬᠠᠨ ᠳᠤ ᠬᠤᠨᠠᠨ ᠮᠤᠵᠢ ᠶᠢᠨ ᠮᠦᠽᠧᠢ ᠳᠤ ᠬᠠᠳᠠᠭᠠᠯᠠᠭᠳᠠᠵᠤ ᠪᠠᠶᠢᠨ᠎ᠠ᠃ ᠲᠡᠭᠦᠨ ᠤ ᠦᠨᠳᠦᠷ ᠨᠢ 22.8 ᠰᠡᠨᠲ᠋ᠢᠮᠧᠲᠷ᠂ ᠤᠷᠳᠤ ᠨᠢ 26.5 ᠰᠡᠨᠲ᠋ᠢᠮᠧᠲᠷ᠂ ᠵᠠᠭᠠᠨ ᠤ ᠨᠢᠷᠤᠭᠤᠨ ᠳᠤ ᠪᠦᠭᠡᠷᠡᠩᠭᠡᠢ ᠬᠡᠯᠪᠡᠷᠢᠳᠤ ᠰᠠᠪᠠ ᠶᠢᠨ ᠠᠮᠠᠰᠠᠷ ᠪᠠᠶᠢᠵᠤ᠂ ᠬᠠᠪᠬᠠᠭᠠᠰᠤ ᠨᠢ ᠤᠯᠳᠠᠬᠤ ᠪᠠᠨ ᠪᠤᠯᠢᠵᠠᠢ᠃ ᠵᠠᠭᠠᠨ ᠤ ᠪᠦᠬᠦ᠋ᠢᠯᠡ ᠴᠤᠭᠴᠠ ᠶᠢᠨ ᠪᠠᠶᠢᠳᠠᠯ ᠨᠢ ᠦᠨᠡᠨ ᠪᠤᠳᠠᠳᠠᠢ᠂ ᠨᠢᠭᠡ ᠵᠠᠯᠠᠭᠤ ᠡᠷ᠎ᠡ ᠵᠠᠭᠠᠨ ᠬᠦᠶᠦᠵᠤ ᠪᠠᠶᠢᠭᠰᠠᠨ ᠢᠶᠠᠨ ᠬᠡᠨᠡᠳᠳᠡ ᠪᠠᠷ ᠵᠤᠭᠰᠤᠵᠤ᠂ ᠤᠷᠳᠤ ᠬᠠᠮᠠᠷ ᠢᠶᠠᠨ ᠡᠮᠦᠨᠡᠰᠢ ᠰᠤᠩᠭᠠᠨ ᠰᠠᠵᠢᠯᠠᠭᠰᠠᠨ ᠪᠠᠶᠢᠳᠠᠯ ᠲᠠᠢ᠃ ᠵᠠᠭᠠᠨ ᠤ ᠪᠡᠶ᠎ᠡ ᠲᠡᠭᠡᠷᠡᠬᠢ ᠨᠠᠷᠢᠨ ᠬᠡ ᠤᠭᠠᠯᠵᠠ ᠪᠤᠯ ᠤᠷᠠᠨ ᠲᠠᠷᠬᠠᠳ ᠤᠨ ᠰᠡᠳᠬᠢᠯᠴᠢᠯᠡᠨ ᠵᠤᠬᠢᠶᠠᠭᠰᠠᠨ ᠵᠦᠢᠯᠡᠰ ᠪᠤᠯᠤᠨ᠎ᠠ᠃ ᠵᠠᠭᠠᠨ ᠤ ᠭᠠᠳᠠᠷ ᠲᠠᠯ᠎ᠠ ᠳᠤᠨᠢ ᠡᠭᠦᠯᠡᠨ ᠬᠡ ᠪᠠ ᠠᠶᠤᠩᠭ᠎ᠠ ᠬᠡᠯᠪᠡᠷᠢᠳᠤ ᠬᠡ ᠤᠷᠠᠯᠠᠵᠠᠢ︔ ᠵᠠᠭᠠᠨ ᠤ ᠬᠠᠮᠠᠷ ᠢ ᠭᠠᠷᠤᠳᠢ ᠰᠢᠪᠠᠭᠤᠨ ᠤ ᠬᠡᠯᠪᠡᠷᠢ ᠲᠠᠢ ᠵᠤᠬᠢᠶᠠᠵᠤ᠂ ᠲᠡᠭᠡᠷ᠎ᠡ ᠨᠢ ᠨᠢᠭᠡ ᠪᠠᠷᠰ ᠬᠡᠪᠳᠡᠭᠰᠡᠨ ᠪᠠᠶᠢᠨ᠎ᠠ︔ ᠵᠠᠭᠠᠨ ᠤ ᠪᠡᠶ᠎ᠡ ᠲᠡᠭᠡᠷ᠎ᠡ ᠠᠷᠢᠶᠠᠳᠠᠨ ᠤ ᠲᠦᠷᠢ ᠲᠠᠢ᠂ ᠯᠤᠤ᠂ ᠪᠠᠷᠰ ᠵᠢᠴᠢ ᠯᠤᠤ ᠶᠢᠨ ᠲᠤᠯᠤᠭᠠᠢ ᠲᠠᠢ ᠮᠤᠭᠠᠢ ᠶᠢᠨ ᠪᠡᠶ᠎ᠡ ᠲᠠᠢ ᠬᠤᠪᠢᠯᠭᠠᠨ ᠠᠷᠢᠶᠠᠳᠠᠨ ᠢ ᠤᠷᠠᠯᠠᠵᠠᠢ᠃ ᠬᠡ ᠤᠭᠠᠯᠵᠠ ᠨᠢ ᠮᠠᠰᠢ ᠨᠠᠷᠢᠯᠢᠭ᠂ ᠰᠢᠨᠵᠢᠵᠤ ᠬᠠᠷᠠᠬᠤ ᠳᠤ ᠰᠠᠶᠢᠬᠠᠨ ᠪᠠᠶᠢᠯ᠎ᠠ᠃ ᠡᠨᠡ ᠪᠤᠯ ᠤᠳᠤᠬᠠᠨ ᠳᠤ ᠢᠯᠡᠷᠡᠬᠦᠯᠦᠭᠰᠡᠨ ᠬᠦᠷᠡᠯ ᠵᠠᠭᠠᠨ ᠤ ᠲᠤᠳᠤᠷᠠᠬᠢ ᠴᠤᠷ ᠤᠨ ᠭᠠᠭᠴᠠ ᠲᠤᠳᠤᠷᠬᠠᠢ ᠮᠠᠯᠳᠠᠭᠰᠠᠨ ᠭᠠᠵᠠᠷ ᠤᠷᠤᠨ ᠲᠠᠢ ᠱᠠᠩ ᠤᠯᠤᠰ ᠤᠨ ᠦᠶ᠎ᠡ ᠶᠢᠨ ᠬᠦᠷᠡᠯ ᠰᠠᠪᠠ ᠬᠡᠷᠡᠭᠰᠡᠯ᠂ ᠮᠦᠨ ᠴᠤ ᠬᠡᠯᠪᠡᠷᠢ ᠲᠦᠷᠰᠦ ᠨᠢ ᠬᠠᠮᠤᠭ ᠤᠨ ᠠᠮᠢᠳᠤᠯᠢᠭ᠂ ᠬᠠᠮᠤᠭ ᠤᠨ ᠭᠤᠶᠢᠳᠠ ᠰᠠᠶᠢᠬᠠᠨ ᠠᠷᠢᠶᠠᠳᠠᠨ ᠤ ᠬᠡᠯᠪᠡᠷᠢ ᠲᠠᠢ ᠰᠠᠪᠠ ᠬᠡᠷᠡᠭᠰᠡᠯ ᠤᠨ ᠨᠢᠭᠡ ᠪᠤᠯᠤᠨ᠎ᠠ᠃        ᠤᠳᠤᠬᠠᠨ ᠳᠤ ᠢᠯᠡᠷᠡᠬᠦᠯᠦᠭᠰᠡᠨ ᠬᠦᠷᠡᠯ ᠵᠠᠭᠠᠨ ᠤ ᠲᠤᠳᠤᠷᠠᠬᠢ ᠴᠤᠷ ᠤᠨ ᠭᠠᠭᠴᠠ ᠪᠦᠷᠢᠨ  ᠪᠦᠳᠦᠨ ᠢᠶᠠᠷ ᠢᠶᠠᠨ ᠬᠠᠳᠠᠭᠠᠯᠠᠭᠳᠠᠵᠤ ᠪᠠᠶᠢᠭ᠎ᠠ ᠨᠢ ᠬᠡᠪᠡᠯ ᠠᠮᠧᠷᠢᠺᠠ ᠶᠢᠨ ᠸᠠᠰᠢᠩᠲ᠋ᠤᠨ ᠤ ᠨᠢᠭᠡᠨ ᠤᠷᠠᠨ ᠵᠢᠷᠤᠭ ᠤᠨ ᠤᠷᠳᠤᠨ ᠳᠤ ᠬᠠᠳᠠᠭᠠᠯᠠᠭᠳᠠᠵᠤ ᠪᠠᠶᠢᠭ᠎ᠠ ︽ᠱᠠᠩ ᠤᠯᠤᠰ ᠤᠨ ᠯᠤᠤ ᠶᠢᠨ ᠤᠭᠠᠯᠵᠠ ᠲᠠᠢ ᠵᠠᠭᠠᠨ ᠬᠡᠯᠪᠡᠷᠢᠳᠤ ᠠᠷᠢᠬᠢ ᠠᠭᠤᠯᠬᠤ ᠰᠠᠪᠠ︾ ︵ᠵᠢᠷᠤᠭ ᠬᠤᠶᠠᠷ︶ ᠪᠤᠯᠤᠨ᠎ᠠ᠃ ᠲᠤᠰ ᠬᠦᠷᠡᠯ ᠵᠠᠭᠠᠨ ᠤ ᠦᠨᠳᠦᠷ ᠨᠢ 17.5 ᠰᠠᠡᠲ᠋ᠢᠮᠧᠲᠷ᠂ ᠤᠷᠳᠤ ᠨᠢ 21.2 ᠰᠠᠨᠲ᠋ᠢᠮᠧᠲᠷ᠂ ᠪᠡᠶ᠎ᠡ ᠪᠠᠶᠢᠳᠠᠯ ᠨᠢ ᠮᠢᠬᠠᠯᠢᠭ ᠰᠠᠶᠢᠬᠠᠨ᠂ ᠬᠠᠮᠠᠷ ᠨᠢ ᠮᠤᠷᠦ᠋ᠢᠵᠤ᠂ ᠵᠠᠭᠠᠨ ᠤ ᠨᠢᠷᠤᠭᠤᠨ ᠲᠡᠭᠡᠷ᠎ᠡ ᠪᠠᠨ ᠠᠮᠠᠰᠠᠷ ᠲᠠᠢ᠂ ᠲᠠᠭᠯᠠᠭ᠎ᠠ ᠨᠢ ᠯᠤᠤ ᠶᠢᠨ ᠤᠭᠠᠯᠵᠠ ᠲᠠᠢ ᠮᠦᠷᠳᠡᠭᠡᠨ ᠨᠢᠭᠡ ᠵᠢᠵᠢᠭ ᠵᠠᠭᠠᠨ ᠢᠶᠠᠷ ᠪᠠᠷᠢᠭᠤᠯ ᠪᠤᠯᠭᠠᠵᠠᠢ᠃ ᠬᠠᠮᠠᠷ ᠲᠤᠨᠢ ᠬᠠᠶᠢᠷᠰᠤᠨ ᠤᠭᠠᠯᠵᠠ ᠰᠡᠶᠢᠯᠵᠤ᠂ ᠵᠠᠭᠠᠨ ᠤ ᠪᠡᠶ᠎ᠡ ᠳᠤ ᠪᠦᠷ ᠯᠤᠤ ᠶᠢᠨ ᠤᠭᠠᠯᠵᠠ᠂ ᠡᠭᠦᠯᠡᠨ ᠬᠡ᠂ ᠠᠶᠤᠩᠭ᠎ᠠ ᠬᠡᠯᠪᠡᠷᠢᠳᠤ ᠬᠡ ᠤᠭᠠᠯᠵᠠ ᠵᠢᠴᠢ ᠴᠡᠴᠡᠭ ᠬᠤᠸᠠᠷ ᠤᠨ ᠤᠭᠠᠯᠵᠠ ᠰᠡᠶᠢᠯᠵᠡᠢ᠃ ᠵᠠᠭᠠᠨ ᠤ ᠬᠦᠯ ᠳᠤᠨᠢ ᠠᠷᠢᠶᠠᠳᠠᠨ ᠤ ᠨᠢᠭᠤᠷ ᠤᠨ ᠲᠦᠷᠰᠦ ᠲᠠᠢ ᠤᠭᠠᠯᠵᠠ ᠰᠡᠶᠢᠯᠦᠭᠰᠡᠨ ᠪᠠᠶᠢᠨ᠎ᠠ᠃    ᠱᠠᠩ ᠤᠯᠤᠰ ᠤᠨ 3 ᠬᠦᠷᠡᠯ ᠵᠠᠭᠠᠨ ᠤ ᠲᠤᠮᠳᠠ ᠴᠠᠭ ᠦᠶ᠎ᠡ ᠪᠠᠷ ᠬᠠᠮᠤᠭ ᠡᠷᠳᠡ᠂ ᠪᠡᠶ᠎ᠡ ᠪᠠᠷ ᠬᠠᠮᠤᠭ ᠲᠤᠮᠤ ᠰᠠᠪᠠ ᠬᠡᠷᠡᠭᠰᠡᠯ ᠪᠤᠯ ᠹᠷᠠᠨᠼᠢ ᠶᠢᠨ ᠫᠠᠷᠢᠰ ᠬᠤᠳᠠ ᠶᠢᠨ ᠨᠢᠭᠡᠨ ᠤᠷᠠᠯᠢᠭ ᠤᠨ ᠮᠦᠽᠧᠢ ᠳᠤ ᠬᠤᠷᠢᠶᠠᠨ ᠬᠠᠳᠠᠭᠠᠯᠠᠵᠤ ᠪᠠᠶᠢᠭ᠎ᠠ ︽ᠶᠢᠨ ᠱᠠᠩ ᠤᠨ ᠵᠠᠭᠠᠨ ᠬᠡᠯᠪᠡᠷᠢ ᠲᠠᠢ ᠠᠷᠢᠬᠢ ᠠᠭᠤᠯᠬᠤ ᠰᠠᠪᠠ︾ ︵ᠵᠢᠷᠤᠭ ᠭᠤᠷᠪᠠ︶ ᠪᠤᠯᠤᠨ᠎ᠠ᠃ 1903 ᠤᠨ ᠳᠤ ᠹᠷᠠᠨᠼᠢ ᠶᠢᠨ ᠬᠡᠷᠭᠡᠮᠳᠡᠨ ᠠᠴᠠ 3000 ᠹᠷᠠᠩᠺ ᠢᠶᠠᠷ ᠬᠤᠳᠠᠯᠳᠤᠨ ᠠᠪᠴᠠᠢ᠂ ᠲᠤᠰ ᠵᠢᠯ ᠳᠡᠭᠡᠨ ᠹᠷᠠᠨᠼᠢ ᠤᠯᠤᠰ ᠲᠠᠭᠠᠨ ᠡᠷᠬᠦᠭᠰᠡᠨ ᠪᠠᠶᠢᠨ᠎ᠠ᠃ 1911 ᠤᠨ ᠳᠤ ᠯᠤᠧᠷ ᠤᠷᠳᠤᠨ ᠳᠤ ᠬᠤᠷᠢᠶᠠᠵᠤ᠂ 1945 ᠤᠨ ᠳᠤ ᠤᠷᠠᠯᠢᠭ ᠤᠨ ᠮᠦᠽᠧᠢ ᠳᠤ ᠰᠢᠯᠵᠢᠬᠦᠯᠵᠤ ᠬᠠᠳᠠᠭᠠᠯᠠᠭᠰᠠᠨ ᠪᠠᠶᠢᠨ᠎ᠠ᠃ ᠲᠤᠰ ᠬᠦᠷᠡᠯ ᠵᠠᠭᠠᠨ ᠤ ᠦᠨᠳᠦᠷ ᠨᠢ 61.5 ᠰᠡᠨᠲ᠋ᠢᠮᠧᠲᠷ᠂ ᠤᠷᠳᠤ ᠨᠢ 96 ᠰᠠᠨᠲ᠋ᠢᠮᠧᠲᠷ᠂ ᠤᠳᠤᠬᠠᠨ ᠤ ᠠᠮᠢᠳᠠᠨ ᠤ ᠲᠦᠷᠢ ᠲᠠᠢ ᠰᠠᠪᠠ ᠬᠡᠷᠡᠭᠰᠡᠯ ᠤᠨ ᠲᠤᠳᠤᠷᠠᠬᠢ ᠬᠠᠮᠤᠭ ᠲᠤᠮᠤ ᠨᠢ ᠪᠤᠯᠤᠨ᠎ᠠ᠃ ᠡᠨᠡ ᠬᠦ ᠵᠠᠭᠠᠨ ᠨᠢ ᠬᠦᠭᠡ ᠬᠠᠷ᠎ᠠ ᠦᠡᠭᠭᠡ ᠲᠠᠢ᠂ ᠰᠠᠪᠠ ᠶᠢᠨ ᠬᠠᠨ᠎ᠠ ᠨᠢ ᠬᠠᠷᠢᠴᠠᠩᠭᠤᠢ ᠨᠢᠮᠭᠡᠨ᠃ ᠵᠠᠭᠠᠨ ᠨᠢ ᠬᠠᠮᠠᠷ ᠢᠶᠠᠨ ᠪᠠᠭ᠋ᠠᠨ ᠲᠤᠷᠤᠭᠰᠢ ᠰᠤᠩᠭᠠᠵᠤ᠂ ᠬᠤᠶᠠᠷ ᠴᠢᠬᠢ ᠪᠠᠨ ᠬᠦᠨᠳᠡᠯᠡᠨ ᠢᠶᠠᠷ ᠲᠠᠯᠭᠡᠵᠤ᠂ ᠰᠡᠭᠦᠯ ᠢᠶᠠᠨ ᠪᠠᠷᠠᠭᠤᠨᠰᠢ ᠤᠷᠢᠶᠠᠯᠳᠤᠭᠤᠯᠤᠨ ᠵᠤᠭᠰᠤᠵᠤ ᠪᠠᠶᠢᠯ᠎ᠠ᠃ ᠰᠠᠪᠠ ᠶᠢᠨ ᠠᠮᠠᠰᠠᠷ ᠢ ᠮᠦᠨ ᠴᠤ ᠵᠠᠭᠠᠨ ᠤ ᠨᠢᠷᠤᠭᠤᠨ ᠳᠤ ᠭᠠᠷᠭᠠᠵᠠᠢ᠂ ᠲᠠᠭᠯᠠᠭ᠎ᠠ ᠨᠢ ᠤᠯᠳᠠᠭᠰᠠᠨ ᠦᠭᠡᠢ᠃ ᠵᠠᠭᠠᠨ ᠤ ᠬᠡᠪᠡᠯᠢ ᠶᠢᠨ ᠬᠤᠶᠠᠷ ᠲᠠᠯ᠎ᠠ ᠳᠤ ᠡᠪᠡᠷᠳᠤ ᠬᠦᠷᠦᠭᠡᠰᠦ ᠶᠢᠨ ᠬᠡ ᠤᠭᠠᠯᠵᠠ ᠰᠡᠶᠢᠯᠵᠤ᠂ ᠬᠤᠶᠠᠷ ᠲᠠᠯ᠎ᠠ ᠳᠤᠨᠢ ᠡᠪᠡᠰᠦᠨ ᠯᠤᠤ ᠶᠢᠨ ᠤᠭᠠᠯᠵᠠ ᠤᠷᠠᠯᠠᠵᠤ᠂ ᠬᠠᠵᠠᠭᠤ ᠪᠠᠷ ᠨᠢ ᠪᠠᠰᠠ ᠡᠭᠦᠯᠡᠨ ᠬᠡ ᠪᠠ ᠠᠶᠤᠩᠭ᠎ᠠ ᠬᠡᠯᠪᠡᠷᠢ ᠲᠠᠢ ᠬᠡ ᠤᠭᠠᠯᠵᠠ ᠰᠡᠶᠢᠯᠵᠡᠢ᠃ ᠵᠠᠭᠠᠨ ᠤ ᠬᠠᠮᠠᠷ᠂ ᠲᠦᠷᠪᠡᠨ ᠮᠦᠴᠢ ᠪᠠ ᠰᠠᠪᠠ ᠶᠢᠨ ᠠᠮᠠᠰᠠᠷ ᠤᠨ ᠬᠠᠪᠢ ᠪᠠᠷ ᠬᠠᠶᠢᠷᠰᠤᠨ ᠤᠭᠠᠯᠵᠠ ᠵᠢᠷᠤᠵᠤ ᠰᠡᠶᠢᠯᠦᠭᠰᠡᠨ ᠪᠠᠶᠢᠨ᠎ᠠ᠃ ᠡᠨᠡ ᠬᠦ ᠵᠠᠭᠠᠨ ᠤ ᠲᠦᠷᠢ ᠪᠠᠶᠢᠳᠠᠯ ᠨᠢ ᠮᠠᠰᠢ ᠬᠦᠭᠡᠷᠦᠬᠦᠨ ᠪᠠᠶᠢᠯ᠎ᠠ᠃     ᠤᠳᠤᠬᠠᠨ ᠪᠤᠯᠳᠠᠯ᠎ᠠ ᠢᠯᠡᠷᠡᠬᠦᠯᠦᠭᠰᠡᠨ ᠪᠠᠷᠠᠭᠤᠨ ᠵᠧᠤ ᠶᠢᠨ ᠬᠦᠷᠡᠯ ᠵᠠᠭᠠᠨ ᠤ ᠬᠡᠯᠪᠡᠷᠢ ᠲᠠᠢ ᠰᠠᠪᠠ ᠬᠡᠷᠡᠭᠰᠡᠯ ᠤᠨ ᠲᠤᠳᠤᠷ᠎ᠠ ᠪᠠᠷᠠᠭᠤᠨ ᠵᠧᠤ ᠤᠯᠤᠰ ᠤᠨ ᠲᠤᠮᠳᠠᠴᠢ ᠦᠶ᠎ᠡ ᠶᠢᠨ ︽ᠰᠢᠪᠠᠭᠤᠨ ᠤᠭᠠᠯᠵᠠ ᠲᠠᠢ ᠵᠠᠭᠠᠨ ᠬᠡᠯᠪᠡᠷᠢᠳᠤ ᠠᠷᠢᠬᠢ ᠠᠭᠤᠯᠬᠤ ᠰᠠᠪᠠ︾ ︵ᠵᠢᠷᠤᠭ ᠲᠦᠷᠪᠡ︶ ᠪᠤᠯ ᠴᠤᠷ ᠤᠨ ᠭᠠᠭᠴᠠ ᠲᠤᠳᠤᠷᠬᠠᠢ ᠮᠠᠯᠳᠠᠭᠰᠠᠨ ᠭᠠᠵᠠᠷ ᠤᠷᠤᠨ ᠲᠠᠢ ᠠᠷᠢᠬᠢ ᠠᠭᠤᠯᠬᠤ ᠰᠠᠪᠠ ᠪᠤᠯᠤᠨ᠎ᠠ᠃ 1975 ᠤᠨ ᠳᠤ ᠱᠠᠨᠰᠢ ᠮᠤᠵᠢ ᠶᠢᠨ ᠪᠤᠤ ᠵᠢᠢ ᠬᠤᠳᠠ ᠶᠢᠨ ᠷᠦ᠋ ᠵᠢᠶᠠ ᠵᠤᠸᠠᠩ ᠤᠨ ᠨᠢᠭᠡᠳᠦᠭᠡᠷ ᠨᠤᠮᠧᠷᠳᠤ ᠤᠡᠭᠭᠤᠨ ᠠᠴᠠ ᠮᠠᠯᠳᠠᠨ ᠭᠠᠷᠭᠠᠵᠤ᠂ ᠤᠳᠤ ᠱᠠᠨᠰᠢ ᠮᠤᠵᠢ ᠶᠢᠨ ᠪᠤᠤ ᠵᠢᠢ ᠬᠤᠳᠠ ᠶᠢᠨ ᠬᠦᠷᠡᠯ ᠪᠠᠭᠠᠵᠢ ᠶᠢᠨ ᠮᠦᠽᠧᠢ ᠳᠤ ᠬᠠᠳᠠᠭᠠᠯᠠᠭᠳᠠᠵᠤ ᠪᠠᠶᠢᠨ᠎ᠠ᠃ ᠱᠠᠩ ᠤᠯᠤᠰ ᠤᠨ ᠡᠬᠢᠨ᠂ ᠲᠤᠮᠳᠠᠴᠢ ᠪᠠᠷ ᠬᠦᠷᠡᠯ ᠪᠠᠭᠠᠵᠢ ᠶᠢᠨ ᠲᠡᠭᠡᠷ᠎ᠡ ᠰᠢᠪᠠᠭᠤᠨ ᠤ ᠤᠭᠠᠯᠵᠠ ᠨᠢ ᠲᠤᠰᠠᠯᠠᠬᠤ ᠴᠢᠨᠠᠷᠳᠠᠢ ᠤᠭᠠᠯᠵᠠ ᠪᠤᠯᠵᠤ ᠪᠠᠶᠢᠵᠠᠢ᠂ ᠵᠧᠤ ᠤᠯᠤᠰ ᠤᠨ ᠦᠶ᠎ᠡ ᠶᠢᠨ ᠬᠦᠮᠦᠰ ᠭᠠᠷᠤᠳᠢ ᠰᠢᠪᠠᠭᠤ ᠶᠢ ᠦᠯᠵᠡᠢ ᠲᠡᠮᠪᠡᠷᠢᠯ ᠲᠠᠢ ᠬᠡᠵᠤ ᠦᠵᠡᠳᠡᠭ ᠠᠴᠠ ᠪᠠᠷᠠᠭᠤᠨ ᠵᠧᠤ ᠠᠴᠠ ᠰᠡᠬᠦᠯᠡᠷ ᠭᠠᠷᠤᠳᠢ ᠰᠢᠪᠠᠭᠤ ᠨᠢ ᠬᠦᠷᠡᠯ ᠪᠠᠭᠠᠵᠢ ᠶᠢᠨ ᠭᠤᠤᠯ ᠪᠤᠯᠬᠤ ᠤᠭᠠᠯᠵᠠ ᠪᠤᠯᠤᠭᠰᠠᠨ ᠪᠠᠶᠢᠨ᠎ᠠ᠃ ᠲᠤᠰ ᠰᠢᠪᠠᠭᠤᠨ ᠤᠭᠠᠯᠵᠠ ᠲᠠᠢ ᠵᠠᠭᠠᠨ ᠬᠡᠯᠪᠡᠷᠢᠳᠤ ᠠᠷᠢᠬᠢ ᠠᠭᠤᠯᠬᠤ ᠰᠠᠪᠠ ᠶᠢᠨ ᠦᠨᠳᠦᠷ ᠨᠢ 23.6 ᠰᠠᠨᠲ᠋ᠢᠮᠧᠲᠷ᠂ ᠤᠷᠳᠤ ᠨᠢ 37.8 ᠰᠡᠨᠲ᠋ᠢᠮᠧᠲᠷ᠃ ᠨᠢᠷᠤᠭᠤᠨ ᠳᠠᠭᠠᠨ ᠤᠷᠳᠤ ᠲᠦᠷᠪᠡᠯᠵᠢᠨ ᠬᠡᠯᠪᠡᠷᠢᠳᠡᠢ ᠠᠮᠠᠰᠠᠷ ᠪᠠᠶᠢᠵᠤ᠂ ᠲᠠᠭᠯᠠᠭ᠎ᠠ ᠳᠤᠨᠢ ᠬᠤᠶᠠᠷ ᠴᠠᠭᠠᠷᠢᠭ ᠪᠠᠷᠢᠭᠤᠯ ᠤᠷᠤᠭᠤᠯᠵᠤ᠂ ᠬᠢᠨᠵᠢ ᠪᠠᠷ ᠰᠠᠪᠠ ᠲᠠᠢ ᠪᠠᠨ ᠬᠤᠯᠪᠤᠯᠳᠤᠵᠠᠢ᠃ ᠲᠡᠭᠦᠨ ᠤ ᠬᠡᠯᠪᠡᠷᠢ ᠲᠦᠷᠰᠦ᠂ ᠬᠡ ᠤᠭᠠᠯᠵᠠ ᠶᠢᠨ ᠬᠡᠪ ᠨᠠᠮᠪᠠ ᠨᠢ ᠱᠠᠩ ᠤᠯᠤᠰ ᠤᠨ ᠬᠦᠷᠡᠯ ᠵᠠᠭᠠᠨ ᠬᠡᠯᠪᠡᠷᠢᠳᠤ ᠠᠷᠢᠬᠢ ᠠᠭᠤᠯᠬᠤ ᠰᠠᠪᠠ ᠲᠠᠢ ᠶᠡᠭᠡ ᠵᠦᠷᠢᠶᠡᠨ ᠲᠠᠢ ᠪᠠᠶᠢᠵᠤ᠂ ᠦᠪᠡᠷ ᠤᠨ ᠢᠶᠠᠨ ᠤᠨᠴᠠᠯᠢᠭ ᠲᠠᠢ ᠪᠠᠶᠢᠯ᠎ᠠ᠃     ᠡᠳᠡᠭᠡᠷ ᠠᠴᠠ ᠭᠠᠳᠠᠨ᠎ᠠ᠂ ᠵᠤᠬᠢᠶᠠᠭᠳᠠᠭᠰᠠᠨ ᠤᠨ ᠴᠠᠭ ᠢ ᠨᠢ ᠲᠤᠳᠤᠷᠬᠠᠢᠢᠯᠠᠵᠤ ᠲᠡᠶᠢᠯᠦᠭᠡ ᠦᠭᠡᠢ ᠪᠠᠰᠠ ᠨᠢᠭᠡ ᠬᠦᠷᠡᠯ ᠵᠠᠭᠠᠨ ᠪᠠᠶᠢᠳᠠᠭ᠃ ᠡᠨᠡ ᠬᠦ ︽ᠵᠠᠭᠠᠨ ᠬᠡᠯᠪᠡᠷᠢᠳᠤ ᠠᠷᠢᠬᠢ ᠠᠭᠤᠯᠬᠤ ᠰᠠᠪᠠ︾ ︵ᠵᠢᠷᠤᠭ ᠲᠠᠪᠤ︶ ᠶᠢ 1973 ᠤᠨ ᠤ ᠬᠤᠪᠧᠢ ᠮᠤᠵᠢ ᠶᠢᠨ ᠬᠤᠸᠠᠩ ᠭᠠᠨᠭ᠌ ᠬᠤᠳᠠ ᠠᠴᠠ ᠮᠠᠯᠳᠠᠨ ᠭᠠᠷᠭᠠᠵᠤ᠂ ᠤᠳᠤ ᠬᠤᠪᠧᠢ ᠮᠤᠵᠢ ᠶᠢᠨ ᠮᠦᠽᠧᠢ ᠳᠤ ᠬᠤᠷᠢᠶᠠᠵᠤ ᠪᠠᠶᠢᠨ᠎ᠠ᠃ ᠵᠠᠭᠠᠨ ᠬᠡᠯᠪᠡᠷᠢᠳᠤ ᠠᠷᠢᠬᠢ ᠠᠭᠤᠯᠬᠤ ᠰᠠᠪᠠ ᠶᠢᠨ ᠦᠨᠳᠦᠷ ᠨᠢ 29.4 ᠰᠠᠨᠲ᠋ᠢᠮᠧᠲᠷ᠂ ᠤᠷᠳᠤ ᠨᠢ 29 ᠰᠡᠨᠲ᠋ᠢᠮᠧᠲᠷ᠂ ᠪᠠᠶᠠᠷ ᠬᠦᠷ ᠲᠠᠢ ᠪᠠᠷ ᠬᠦᠶᠦᠵᠤ ᠪᠠᠶᠢᠭ᠎ᠠ ᠲᠤᠮᠤ ᠵᠠᠭᠠᠨ ᠤ ᠬᠡᠯᠪᠡᠷᠢ ᠲᠠᠢ᠃ ᠵᠠᠭᠠᠨ ᠬᠠᠮᠠᠷ ᠢᠶᠠᠨ ᠦᠨᠳᠦᠷ ᠡᠷᠬᠦᠵᠤ᠂ ᠲᠡᠪᠢᠬᠦᠷ ᠬᠡᠯᠪᠡᠷᠢᠳᠤ ᠲᠤᠮᠤ ᠴᠢᠬᠢ ᠪᠠᠨ ᠬᠤᠶᠠᠷ  ᠲᠡᠶᠢᠰᠢ ᠪᠠᠨ ᠲᠡᠯᠭᠡᠵᠤ᠂ ᠪᠡᠶ᠎ᠡ ᠳᠡᠭᠡᠨ ᠦᠡᠭᠭᠡᠳᠦ ᠲᠤᠷᠳᠤᠩ ᠵᠡᠭᠦᠵᠡᠢ᠃ ᠨᠢᠷᠤᠭᠤᠨ ᠳᠠᠬᠢ ᠪᠦᠭᠡᠷᠡᠩᠭᠡᠢ ᠪᠠᠭᠠᠨ᠎ᠠ ᠬᠡᠯᠪᠡᠷᠢᠳᠤ ᠠᠮᠠᠰᠠᠷ ᠢᠶᠠᠷ ᠨᠢ ᠤᠰᠤ ᠠᠷᠢᠬᠢ ᠴᠢᠳᠬᠤᠵᠤ᠂ ᠵᠠᠭᠠᠨ ᠤ ᠬᠠᠮᠠᠷ ᠢᠶᠠᠷ ᠤᠷᠤᠰᠤᠨ ᠭᠠᠷᠭᠠᠳᠠᠭ᠃ ᠵᠠᠭᠠᠨ ᠤ ᠲᠤᠯᠤᠭᠠᠢ ᠲᠡᠭᠡᠷ᠎ᠡ ᠭᠠᠷ ᠲᠠᠭᠠᠨ ᠶᠠᠭᠤᠮ᠎ᠠ ᠪᠠᠷᠢᠵᠤ᠂ ᠰᠡᠨᠵᠢ ᠶᠢ ᠲᠦᠰᠢᠵᠤ ᠵᠤᠭᠰᠤᠭᠰᠠᠨ ᠬᠦᠷᠡᠯ ᠬᠦᠮᠦᠨ ᠪᠤᠢ᠂ ᠬᠠᠷᠢ ᠬᠦᠷᠦᠨ ᠤ ᠬᠦᠮᠦᠨ ᠤ ᠪᠠᠶᠢᠳᠠᠯ ᠲᠠᠢ᠂ ᠡᠨᠡ ᠨᠢ ᠡᠷᠳᠡᠨ ᠤ ᠲᠤᠮᠳᠠᠳᠤ ᠤᠯᠤᠰ ᠤᠨ ᠰᠤᠶᠤᠯ ᠪᠤᠯᠪᠠᠰᠤᠨ ᠬᠢᠭᠡᠳ ᠭᠠᠳᠠᠭᠠᠳᠤ ᠶᠢᠨ ᠰᠤᠶᠤᠯ ᠤᠨ ᠠᠭᠤᠰᠤᠯᠴᠠᠯ ᠢ ᠬᠠᠷᠠᠭᠤᠯᠤᠭᠰᠠᠨ ᠪᠠᠶᠢᠨ᠎ᠠ᠃  
ᠢᠷᠡᠯᠲᠡ᠄ ᠤᠷᠳᠤᠰ ᠤᠨ ᠡᠳᠦᠷ ᠤᠨ ᠰᠤᠨᠢᠨ