ᠳ᠋ᠦᠩᠱᠧᠩ ᠤᠨ ᠭᠠᠵᠡᠷ ᠤᠰᠤᠨ ᠤ ᠮᠤᠩᠭᠤᠯ ᠨᠡᠷᠡᠰ ᠤᠨ ᠲᠤᠬᠠᠢ ︵ᠭᠤᠷᠪᠡ︶
ᠨᠡᠶᠢᠲᠡᠯᠡᠭᠰᠡᠨ ᠴᠠᠭ᠄
2022/11/10
                                                            ᠲ᠊᠂ ᠬᠠᠰᠴᠢᠯᠠᠭᠤ ᠭᠤᠷᠪᠡ᠂ ᠮᠤᠩᠭᠤᠯ ᠨᠡᠷᠡᠳᠠᠢ ᠭᠠᠵᠡᠷ ᠤᠰᠤᠨ 潮脑粱 ᠴᠢᠨ᠋ᠸ᠎ᠠ ᠶᠢᠨ ᠰᠢᠯᠢ᠂ ᠴᠢᠨ᠋ᠸ᠎ᠠ ᠶᠢᠨ ᠰᠢᠯᠢ ᠪᠤᠯ ᠤᠤᠯ ᠳᠤ ᠪᠠᠨ ᠲᠠᠯᠠᠳ ᠤᠨ ᠨᠢᠬᠡ ᠬᠠᠷᠢᠶ᠎ᠠ ᠨᠤᠳᠤᠭ ᠪᠠᠶᠢᠵᠠᠢ᠃ 1956 ᠤᠨ ᠳᠤ ᠳ᠋ᠦᠩᠱᠧᠩ ᠳᠤ ᠤᠷᠤᠭᠤᠯᠵᠠᠢ᠃ 1983 ᠤᠨ ᠳᠤ ᠳ᠋ᠦᠩᠱᠧᠩ ᠤᠨ ᠨᠢᠬᠡ ᠰᠢᠶᠠᠩ ᠪᠤᠯᠭᠠᠵᠤ᠂ ᠰᠡᠬᠦᠯᠡᠷ ᠨᠢ ᠲᠦᠩ ᠴᠤᠸᠠᠨ ᠪᠠᠯᠭᠠᠰᠤ ᠲᠠᠢ ᠨᠡᠶᠢᠯᠡᠬᠦᠯᠵᠡᠢ᠃ ᠳ᠋ᠦᠩᠱᠧᠩ ᠤᠨ ᠬᠠᠮᠤᠭ ᠵᠡᠬᠦᠨ ᠬᠡᠰᠡᠭ ᠲᠤ ᠪᠠᠶᠢᠷᠢᠰᠢᠵᠤ᠂ ᠵᠡᠭᠦᠨᠭᠠᠷ ᠲᠠᠯᠠᠳ ᠲᠠᠢ ᠰᠠᠪᠠᠯᠠᠵᠤ ᠪᠠᠶᠢᠳᠠᠭ᠃ 哑麻图 ᠢᠮᠠᠭᠠᠳᠤ᠂ ᠤᠤᠯ ᠤᠨ ᠴᠢᠨ᠋ᠸ᠎ᠠ ᠶᠢᠨ ᠰᠢᠯᠢ ᠰᠢᠶᠠᠩ ᠤᠨ ᠵᠠᠰᠠᠭ ᠤᠨ ᠤᠷᠳᠤᠨ ᠤ ᠰᠠᠭᠤᠭᠠᠯᠢ ᠭᠠᠵᠡᠷ ᠠᠴᠠ ᠪᠠᠷᠠᠭᠤᠨᠰᠢ 2km ᠲᠤ ᠪᠠᠶᠢᠳᠠᠭ᠃ 卜亥窖子 ᠪᠤᠷᠬᠠᠨ ᠠᠭᠤᠢ᠂ ᠤᠤᠯ ᠤᠨ ᠴᠢᠨ᠋ᠸ᠎ᠠ ᠶᠢᠨ ᠰᠢᠯᠢ ᠰᠢᠶᠠᠩ ᠤᠨ ᠵᠠᠰᠠᠭ ᠤᠨ ᠤᠷᠳᠤᠨ ᠠᠴᠠ ᠬᠤᠶᠢᠰᠢ 2km ᠲᠤ ᠪᠠᠶᠢᠳᠠᠭ᠃ 米记沟 ᠮᠢᠵᠢ ᠶᠢᠨ ᠭᠤᠤᠯ᠂ ᠴᠢᠨ᠋ᠸ᠎ᠠ ᠶᠢᠨ ᠰᠢᠯᠢ ᠰᠢᠶᠠᠩ ᠤᠨ ᠵᠠᠰᠠᠭ ᠤᠨ ᠤᠷᠳᠤᠨ ᠠᠴᠠ ᠪᠠᠷᠠᠭᠤᠨᠰᠢ 4km ᠤᠨ ᠭᠠᠵᠡᠷ ᠢᠶᠠᠷ ᠤᠷᠤᠰᠴᠦ ᠪᠠᠶᠢᠭᠰᠠᠨ ᠭᠤᠤᠯ᠂ ᠡᠳᠦᠬᠡ ᠨᠢᠬᠡᠨᠳᠠ ᠬᠠᠳᠠᠵᠤ ᠰᠢᠷᠬᠢᠵᠠᠢ᠃ 阿桂沟 ᠠᠭᠤᠢ ᠶᠢᠨ ᠭᠤᠤᠯ᠂ ᠴᠢᠨ᠋ᠸ᠎ᠠ ᠶᠢᠨ ᠰᠢᠯᠢ ᠰᠢᠶᠠᠩ ᠤᠨ ᠵᠠᠰᠠᠭ ᠤᠨ ᠤᠷᠳᠤᠨ ᠠᠴᠠ ᠡᠮᠦᠨᠡᠰᠢ 4km ᠲᠤ ᠪᠠᠶᠢᠳᠠᠭ᠃ ᠠᠳᠡ ᠠᠭᠤᠯᠠ ᠶᠢᠨ ᠵᠡᠬᠦᠨᠰᠢ ᠬᠠᠨᠳᠤᠭᠰᠠᠨ ᠵᠢᠯᠠᠭ᠎ᠠ ᠳᠤ ᠨᠢᠬᠡᠨ ᠠᠭᠤᠢ ᠪᠤᠢ᠃ ᠡᠨᠡ ᠠᠭᠤᠢ ᠨᠢ ᠬᠡᠳᠤᠨ ᠵᠠᠭᠤᠨ ᠵᠢᠯ ᠪᠤᠯᠤᠭᠰᠠᠨ ᠬᠡᠵᠤ ᠲᠤᠬᠠᠢ ᠶᠢᠨ ᠭᠠᠵᠡᠷ ᠤᠨ ᠬᠦᠮᠦᠰ ᠬᠡᠯᠡᠳᠡᠭ᠃ ᠠᠭᠤᠢ ᠳᠤ ᠨᠢᠬᠡᠨ ᠯᠠᠮᠠ ᠪᠢᠰᠢᠯᠭᠠᠯ ᠬᠡᠵᠤ ᠪᠠᠶᠢᠭᠠᠳ ᠰᠡᠬᠦᠯᠡᠷ ᠨᠢ ᠵᠡᠭᠦᠨᠭᠠᠷ ᠵᠣᠣ ᠳᠤ ᠶᠠᠪᠤᠭᠰᠠᠨ ᠬᠡᠨ᠎ᠡ᠃ ᠠᠭᠤᠢ ᠶᠢᠨ ᠬᠠᠨ᠎ᠠ  ᠶᠢᠨ ᠵᠢᠷᠤᠭ ᠤᠨ ᠰᠢᠷ ᠪᠤᠳᠤᠭ ᠨᠢ ᠤᠳᠤ ᠴᠦ ᠪᠦᠦᠷ ᠲᠦᠦᠷ ᠦᠯᠡᠳᠡᠵᠤ ᠪᠠᠶᠢᠨ᠎ᠠ᠃ ᠠᠭᠤᠢ ᠶᠢᠨ ᠵᠡᠬᠦᠨᠳᠠᠶᠢᠬᠦᠷ ᠤᠷᠤᠰᠴᠦ ᠪᠠᠶᠢᠭ᠎ᠠ ᠭᠤᠤᠯ ᠢ ᠠᠭᠤᠢ ᠶᠢᠨ ᠭᠤᠤᠯ ᠬᠡᠳᠡᠭ᠂ ᠪᠠᠰᠠ 阿会沟 ᠬᠡᠵᠤ ᠪᠢᠴᠢᠵᠤ ᠪᠠᠶᠢᠨ᠎ᠠ᠃ 吴坝塔 ᠤᠪᠠ ᠶᠢᠨ ᠲᠤᠬᠤᠢ᠂ ᠠᠭᠤᠢ ᠶᠢᠨ ᠭᠤᠤᠯ ᠠᠴᠠ ᠡᠮᠦᠨᠡᠰᠢ 2km ᠵᠠᠢ ᠲᠠᠢ ᠪᠠᠶᠢᠳᠠᠭ᠃ 巴图沟 ᠪᠠᠳᠤ ᠶᠢᠨ ᠭᠤᠤᠯ᠂ ᠴᠢᠨ᠋ᠸ᠎ᠠ ᠶᠢᠨ ᠰᠢᠯᠢ ᠰᠢᠶᠠᠩ ᠤᠨ ᠵᠠᠰᠠᠭ ᠤᠨ ᠤᠷᠳᠤᠨ ᠠᠴᠠ ᠵᠡᠬᠦᠨᠰᠢ 5km ᠤᠨ ᠭᠠᠵᠡᠷ ᠲᠤ ᠪᠠᠶᠢᠳᠠᠭ᠃ 塔拉壕 ᠲᠠᠯ᠎ᠠ ᠶᠢᠨ ᠬᠤᠭᠤᠯᠠᠢ᠂ ᠳ᠋ᠦᠩᠱᠧᠩ ᠤᠨ ᠲᠦᠩ ᠴᠣᠸᠠᠨ ᠪᠠᠯᠭᠠᠰᠤ ᠶᠢᠨ ᠵᠠᠰᠠᠭ ᠤᠨ ᠤᠷᠳᠤᠨ  ᠠᠴᠠ ᠪᠠᠷᠠᠭᠤᠨ ᠬᠤᠶᠢᠰᠢ ᠪᠠᠶᠢᠳᠠᠭ᠃ ᠤᠤᠯ ᠳᠤ ᠪᠠᠨ ᠲᠠᠯ᠎ᠠ ᠶᠢᠨ ᠬᠤᠭᠤᠯᠠᠢ ᠰᠢᠶᠠᠩ ᠬᠡᠵᠤ ᠪᠠᠶᠢᠵᠠᠢ᠃ ᠡᠳᠦᠬᠡ ᠲᠦᠩ ᠴᠤᠸᠠᠨ ᠪᠠᠯᠭᠠᠰᠤ ᠲᠠᠢ ᠨᠡᠶᠢᠯᠡᠬᠦᠯᠵᠠᠢ᠃毛盖图 ᠮᠤᠭᠠᠶᠢᠳᠤ᠂ ᠤᠤᠯ ᠤᠨ ᠲᠠᠯ᠎ᠠ ᠶᠢᠨ ᠬᠤᠭᠤᠯᠠᠢ ᠰᠢᠶᠠᠩ ᠠᠴᠠ ᠪᠠᠷᠠᠭᠤᠨ ᠡᠮᠦᠨᠡᠰᠢ 2.5km  ᠲᠤ ᠪᠤᠢ᠃ 格舍壕 ᠬᠡᠰᠢᠭ ᠤᠨ ᠬᠤᠭᠤᠯᠠᠢ᠂ ᠪᠠᠰᠠ ᠬᠦᠰᠢᠶ᠎ᠡ ᠶᠢᠨ ᠬᠤᠭᠤᠯᠠᠢ᠂ ᠬᠡᠰᠢᠭᠳᠦᠬᠦᠷᠡᠩ ᠤᠨ ᠬᠤᠭᠤᠯᠠᠢ᠂ ᠬᠠᠯᠳᠠᠷ ᠠᠵᠢᠷᠭᠠᠳᠠᠨ ᠤ ᠬᠤᠭᠤᠯᠠᠢ ᠬᠡᠵᠤ ᠠᠳᠠᠯᠢ ᠪᠤᠰᠤ ᠪᠠᠷ ᠬᠡᠯᠡᠳᠡᠭ᠃ ᠡᠨᠡ ᠬᠦ ᠨᠡᠷᠡᠶᠢᠳᠦᠯ ᠤᠨ ᠲᠤᠬᠠᠢ ᠨᠢᠬᠡᠨ ᠲᠤᠮᠤᠭ ᠶᠠᠷᠢᠭᠳᠠᠵᠤ ᠪᠠᠶᠢᠳᠠᠭ᠃ ᠠᠳᠡ ᠤᠤᠯ ᠨᠢ ᠨᠢᠬᠡᠨ ᠬᠡᠰᠢᠭᠳᠦᠬᠦᠷᠡᠩ ᠬᠡᠳᠡᠭ ᠪᠠᠶᠠᠨ ᠬᠦᠮᠦᠨ ᠨᠤᠳᠤᠭᠯᠠᠵᠤ ᠪᠠᠶᠢᠭᠰᠠᠨ ᠪᠦᠬᠡᠳ ᠬᠡᠳᠤᠨ ᠮᠢᠩᠭᠠᠨ ᠮᠠᠯ ᠲᠠᠢ ᠪᠠᠶᠢᠭᠰᠠᠨ ᠬᠡᠨ᠎ᠡ᠃ ᠨᠢᠬᠡ ᠪᠦᠳᠦᠬᠦᠨ ᠮᠠᠩ ᠮᠤᠭᠠᠢ᠂ ᠭᠤᠤᠯ ᠤᠨ ᠬᠦᠪᠡᠬᠡᠨ ᠳᠤ ᠡᠳᠤᠷ ᠪᠤᠯᠭᠠᠨ ᠤᠰᠤ ᠤᠤᠭᠤᠬᠤ ᠳᠤ ᠪᠠᠨ ᠮᠠᠯ ᠠᠴᠠ ᠨᠢ ᠨᠢᠬᠡ ᠶᠢ ᠪᠠᠷᠢᠵᠤ ᠢᠳᠡᠳᠡᠭ ᠪᠠᠶᠢᠵᠠᠢ᠃ ᠡᠬᠦᠨ ᠳᠤ ᠬᠡᠰᠢᠭᠳᠦᠬᠦᠷᠡᠩ ᠠᠭᠤᠷᠯᠠᠬᠤ ᠳᠤ ᠪᠠᠨ ᠬᠦᠮᠦᠨ ᠲᠤᠮᠢᠯᠠᠵᠤ᠂ ᠮᠤᠭᠠᠢ ᠶᠢ ᠴᠠᠪᠴᠢᠭᠤᠯᠵᠤ᠂ ᠬᠡᠳᠤᠨ ᠬᠡᠰᠡᠭ ᠪᠤᠯᠭᠠᠨ ᠠᠯᠠᠭᠰᠠᠨ ᠳᠤ᠂ ᠬᠡᠰᠢᠭᠳᠦᠬᠦᠷᠡᠩ ᠤᠨ ᠮᠠᠯ ᠨᠢ ᠶᠡᠭᠡ ᠪᠠᠷ ᠦᠬᠦᠵᠤ ᠬᠤᠷᠤᠭᠳᠠᠨ᠂ ᠡᠴᠦᠰ ᠲᠤ  ᠪᠠᠨ ᠶᠠᠳᠠᠭᠤᠷᠠᠵᠤ ᠬᠤᠭᠤᠰᠤᠷᠠᠭᠰᠠᠨ ᠬᠡᠨ᠎ᠡ᠃ ᠬᠡᠰᠢᠭᠳᠦᠬᠦᠷᠡᠩ ᠤᠨ ᠮᠠᠯ ᠢᠶᠠᠨ ᠤᠰᠤᠯᠳᠠᠭ ᠭᠤᠤᠯ ᠢ ᠬᠡᠰᠢᠭᠳᠦᠬᠦᠷᠡᠩ ᠤᠨ ᠭᠤᠤᠯ ᠬᠡᠵᠤ ᠪᠠᠶᠢᠭᠰᠠᠨ ᠬᠡᠨ᠎ᠡ᠃ ᠰᠡᠬᠦᠯᠡᠷ ᠨᠢ ᠬᠡᠰᠢᠭᠳᠦᠬᠦᠷᠡᠩ ᠢ ᠲᠦᠬᠦᠮᠴᠢᠯᠡᠬᠡᠳ ᠬᠡᠰᠢᠭ ᠬᠡᠰᠡᠨ ᠬᠡᠵᠤ ᠶᠠᠷᠢᠭᠳᠠᠵᠤ ᠪᠠᠶᠢᠳᠠᠭ᠃ 格舍壕 ᠶᠢ ᠤᠤᠯ ᠳᠤ ᠪᠠᠨ 割蛇壕 ᠬᠡᠵᠤ ᠪᠢᠴᠢᠵᠤ ᠮᠤᠭᠠᠢ ᠴᠠᠪᠴᠢᠭᠰᠠᠨ ᠬᠡᠰᠡᠨ ᠤᠳᠬ᠎ᠠ ᠪᠠᠷ ᠬᠡᠷᠡᠭᠯᠡᠵᠤ ᠪᠠᠶᠢᠵᠠᠢ᠃ ᠰᠡᠬᠦᠯᠡᠷ ᠨᠢ ᠲᠠᠬᠢᠨ ᠦᠬᠡᠷᠡᠴᠢᠯᠡᠵᠡᠢ᠃ 布拉格 ᠪᠤᠯᠠᠭ᠂ ᠤᠤᠯ ᠤᠨ ᠲᠠᠯ᠎ᠠ ᠶᠢᠨ ᠬᠤᠭᠤᠯᠠᠢ ᠰᠢᠶᠠᠩ ᠤᠨ ᠵᠠᠰᠠᠭ ᠤᠨ ᠤᠷᠳᠤᠨ ᠠᠴᠠ ᠡᠮᠦᠨᠡᠰᠢ 6km ᠲᠤ ᠪᠠᠶᠢᠭ᠎ᠠ ᠭᠠᠵᠡᠷ᠃乌素 ᠤᠰᠤ᠂ ᠤᠤᠯ ᠤᠨ ᠲᠠᠯ᠎ᠠ ᠶᠢᠨ ᠬᠤᠭᠤᠯᠠᠢ ᠰᠢᠶᠠᠩ ᠠᠴᠠ ᠬᠤᠶᠢᠰᠢ 20km ᠲᠤ ᠪᠠᠶᠢᠳᠠᠭ᠃巴龙图 ᠪᠠᠯᠭᠤᠨᠠᠳᠤ᠂ ᠤᠤᠯ ᠤᠨ ᠲᠠᠯ᠎ᠠ ᠶᠢᠨ ᠬᠤᠭᠤᠯᠠᠢ ᠰᠢᠶᠠᠩ ᠠᠴᠠ ᠬᠤᠶᠢᠰᠢ 7km ᠲᠤ ᠪᠤᠢ᠃哈日布拉格 ᠬᠠᠷ᠎ᠠ ᠪᠤᠯᠠᠭ᠂ ᠤᠤᠯ ᠤᠨ ᠲᠠᠯ᠎ᠠ ᠶᠢᠨ ᠬᠤᠭᠤᠯᠠᠢ ᠰᠢᠶᠠᠩ ᠠᠴᠠ ᠵᠡᠬᠦᠨ ᠬᠤᠶᠢᠰᠢ 10km ᠲᠤ ᠪᠤᠢ᠃ ᠠᠳᠠ ᠬᠠᠷ᠎ᠠ ᠪᠤᠯᠠᠭ ᠤᠨ ᠤᠪᠤᠭ᠎ᠠ ᠬᠡᠵᠤ ᠪᠠᠶᠢᠳᠠᠭ᠃ 补拉塔 ᠪᠤᠯᠠᠭᠳᠤ᠂ ᠳ᠋ᠦᠩᠱᠧᠩ ᠤᠨ ᠬᠤᠳᠠ ᠶᠢᠨ ᠲᠤᠭᠤᠷᠢᠭ ᠠᠴᠠ ᠵᠡᠬᠦᠨᠰᠢ 3km ᠲᠤ ᠪᠤᠢ᠃ ᠡᠳᠦᠬᠡ ᠶᠢᠨ ᠨᠡᠬᠦᠳᠠᠯ ᠠᠷᠠᠳ ᠤᠨ ᠲᠤᠰᠬᠤᠨ ᠤ ᠰᠠᠭᠤᠷᠢᠰᠢᠭ᠎ᠠ ᠭᠠᠵᠡᠷ᠃ 酸刺沟 ᠴᠢᠴᠠᠷᠭᠠᠨ᠎ᠠ ᠶᠢᠨ ᠬᠤᠭᠤᠯᠠᠢ᠂ ᠤᠤᠯ ᠤᠨ ᠲᠠᠯ᠎ᠠ ᠶᠢᠨ ᠬᠤᠭᠤᠯᠠᠢ ᠰᠢᠶᠠᠩ ᠠᠴᠠ ᠬᠤᠶᠢᠰᠢ 6km ᠤᠨ ᠵᠠᠢ ᠲᠠᠢ ᠪᠠᠶᠢᠳᠠᠭ᠃ ᠠᠳᠡ ᠨᠡᠬᠦᠷᠡᠰᠤ ᠡᠯᠪᠡᠭ ᠭᠠᠷᠳᠠᠭ᠃ 巴音敖包 ᠪᠠᠶ᠋ᠬᠠᠤᠪᠤᠭ᠎ᠠ᠂ ᠤᠤᠯ ᠨᠢ ᠨᠢᠬᠡ ᠰᠢᠶᠠᠩ ᠤᠨ ᠨᠡᠷ᠎ᠡ ᠪᠠᠶᠢᠵᠠᠢ᠃ ᠡᠮᠦᠨᠡᠰᠢ ᠪᠠᠨ ᠡᠵᠡᠨ ᠬᠤᠷᠤᠭ᠎ᠠ ᠬᠤᠰᠢᠭᠤᠨ ᠤ ᠰᠤᠪᠤᠷᠭ᠎ᠠ ᠲᠠᠢ ᠵᠠᠯᠭᠠᠯᠳᠤᠵᠤ᠂ ᠪᠠᠷᠠᠭᠤᠨ ᠢᠶᠠᠨ ᠬᠠᠩᠬᠢᠨ ᠬᠤᠰᠢᠭᠤᠨ ᠤ ᠠᠮᠠᠨᠴᠢᠷᠭ᠎ᠠ  ᠲᠠᠢ ᠵᠠᠭᠠᠭᠯᠠᠵᠤ ᠪᠠᠶᠢᠳᠠᠭ᠃ ᠰᠡᠬᠦᠯᠡᠷ ᠨᠢ ᠲᠤᠰ ᠰᠢᠶᠠᠩ ᠢ ᠪᠤᠷᠵᠠᠩ ᠨᠠᠭᠤᠷ ᠪᠠᠯᠭᠠᠰᠤ ᠲᠠᠢ ᠨᠡᠶᠢᠯᠡᠬᠦᠯᠵᠠᠢ᠃ ᠶᠠᠭ ᠪᠠᠶ᠋ᠬᠠᠤᠪᠤᠭ᠎ᠠ ᠬᠡᠰᠡᠨ ᠭᠠᠵᠡᠷ ᠨᠢ ᠤᠤᠯ ᠤᠨ ᠪᠠᠶ᠋ᠬᠠᠤᠪᠤᠭ᠎ᠠ ᠰᠢᠶᠠᠩ ᠤᠨ ᠵᠠᠰᠠᠭ ᠤᠨ ᠤᠷᠳᠤᠨ ᠤ ᠰᠠᠭᠤᠭ᠎ᠠ ᠭᠠᠵᠡᠷ  ᠠᠴᠠ ᠡᠮᠦᠨᠡᠰᠢ 5km ᠭᠠᠵᠡᠷ ᠲᠤ ᠪᠤᠢ᠃ 沙日塔庙 ᠰᠠᠷᠳᠠᠭ᠎ᠠ ᠰᠦᠮ᠎ᠡ ︵ᠲᠦᠪᠡᠳ ᠦᠬᠡ︶᠂ ᠪᠠᠶ᠋ᠬᠠᠤᠪᠤᠭ᠎ᠠ ᠰᠢᠶᠠᠩ ᠤᠨ ᠵᠠᠰᠠᠭ ᠤᠨ ᠤᠷᠳᠤᠨ ᠠᠴᠠ ᠡᠮᠦᠨᠡᠰᠢ 0.5km ᠲᠤ ᠪᠠᠶᠢᠳᠠᠭ᠃ 布日嘎斯太 ᠪᠤᠷᠭᠠᠰᠤᠳᠠᠢ᠂ ᠤᠤᠯ ᠤᠨ ᠪᠠᠶ᠋ᠬᠠᠤᠪᠤᠭ᠎ᠠ ᠰᠢᠶᠠᠩ ᠤᠨ ᠵᠠᠰᠠᠭ ᠤᠨ ᠤᠷᠳᠤᠨ ᠠᠴᠠ ᠬᠤᠶᠢᠰᠢ 9km ᠲᠤ ᠪᠠᠶᠢᠳᠠᠭ᠃ ᠠᠳᠡ ᠪᠠᠰᠠ ᠪᠤᠷᠭᠠᠰᠤᠳᠠᠢ ᠶᠢᠨ ᠰᠦᠮ᠎ᠡ ᠬᠡᠵᠤ ᠪᠠᠶᠢᠵᠠᠢ᠃ 扎日格沟 ᠵᠠᠭᠠᠷᠠᠭ ᠤᠨ ᠭᠤᠤᠯ᠂ ᠪᠠᠶ᠋ᠬᠠᠤᠪᠤᠭ᠎ᠠ ᠰᠢᠶᠠᠩ ᠠᠴᠠ  ᠪᠠᠷᠠᠭᠤᠨ ᠬᠤᠶᠢᠨ᠎ᠠ  4km  ᠲᠤ  ᠪᠣᠢ᠃ 巴音布拉格 ᠪᠠᠶᠠᠨᠪᠤᠯᠠᠭ᠂ ᠤᠤᠯ ᠤᠨ ᠪᠠᠶ᠋ᠬᠠᠤᠪᠤᠭ᠎ᠠ ᠰᠢᠶᠠᠩ ᠤᠨ ᠵᠠᠰᠠᠭ ᠤᠨ ᠤᠷᠳᠤᠨ ᠠᠴᠠ ᠪᠠᠷᠠᠭᠤᠨᠰᠢ 3.5km ᠲᠤ ᠪᠠᠶᠢᠳᠠᠭ᠃ 敖包坡 ᠤᠪᠤᠭ᠎ᠠ ᠶᠢᠨ ᠡᠩᠬᠡᠷ᠂ ᠤᠤᠯ ᠤᠨ ᠪᠠᠶ᠋ᠬᠠᠤᠪᠤᠭ᠎ᠠ ᠰᠢᠶᠠᠩ ᠤᠨ ᠵᠠᠰᠠᠭ ᠤᠨ ᠤᠷᠳᠤᠨ ᠠᠴᠠ ᠡᠮᠦᠨᠡᠰᠢ 6km ᠲᠤ ᠪᠤᠢ᠃ 圭素 ᠬᠦᠢᠰᠦ᠂ ᠤᠳᠤ ᠶᠢᠨ ᠪᠤᠷᠵᠠᠩ ᠨᠠᠭᠤᠷ ᠪᠠᠯᠭᠠᠰᠤ ᠠᠴᠠ ᠡᠮᠦᠨᠡᠰᠢ 7km ᠲᠤ ᠪᠤᠢ᠃ 柴敖包 ᠲᠦᠯᠡᠬᠡᠨ ᠤᠪᠤᠭ᠎ᠠ᠂ ᠪᠤᠷᠵᠠᠩ ᠨᠠᠭᠤᠷ ᠪᠠᠯᠭᠠᠰᠤ ᠶᠢᠨ ᠵᠠᠰᠠᠭ ᠤᠨ ᠤᠷᠳᠤᠨ ᠠᠴᠠ ᠵᠡᠬᠦᠨᠳᠠᠢ 2km ᠭᠠᠵᠡᠷ ᠲᠤ ᠪᠤᠢ᠃ 巴音陶勒盖 ᠪᠠᠶᠠᠠᠲᠤᠯᠤᠭᠠᠢ᠂ ᠪᠤᠷᠵᠠᠩ ᠨᠠᠭᠤᠷ ᠪᠠᠯᠭᠠᠰᠤ ᠠᠴᠠ ᠵᠡᠬᠦᠨ ᠬᠤᠶᠢᠨ᠎ᠠ 11km ᠲᠤ ᠪᠠᠶᠢᠳᠠᠭ᠃ 榆树坡 ᠤᠯᠢᠶᠠᠰᠤᠨ ᠤᠷᠤᠢ᠂ ᠪᠤᠷᠵᠠᠩ ᠨᠠᠭᠤᠷ ᠪᠠᠯᠭᠠᠰᠤ ᠠᠴᠠ ᠬᠤᠶᠢᠰᠢ 4km ᠲᠤ ᠪᠤᠢ᠃ 盐路 ᠲᠠᠪᠤᠰᠤᠨ ᠵᠠᠮ᠂ ᠪᠤᠷᠵᠠᠩ ᠨᠠᠭᠤᠷ ᠰᠢᠶᠠᠩ ᠠᠴᠠ ᠡᠮᠦᠨ᠎ᠡ 4km ᠲᠤ ᠪᠤᠢ᠃ ᠲᠡᠪᠤᠰᠤᠨ ᠵᠠᠮ ᠬᠡᠳᠡᠭ ᠨᠢ ᠪᠦᠷᠢᠳᠤ ᠶᠢᠨ ᠰᠢᠯᠢ ᠶᠢᠨ ᠵᠤᠤᠬ᠎ᠠ ᠶᠢᠨ ᠬᠤᠭᠤᠯᠠᠢ ᠪᠠᠷ ᠪᠠᠷᠠᠭᠤᠨ ᠬᠤᠶᠢᠰᠢ ᠲᠠᠭᠠᠷᠢᠵᠤ᠂ ᠡᠬᠦᠨ ᠢᠶᠠᠷ ᠦᠩᠬᠡᠷᠡᠵᠤ ᠪᠠᠶᠢᠭᠰᠠᠨ ᠪᠤᠯᠤᠯᠳᠠᠢ᠃ ᠴᠠᠶᠢᠳᠠᠮ ᠵᠡᠷᠬᠡ ᠭᠠᠵᠡᠷ ᠲᠤ ᠪᠠᠰᠠ ᠲᠠᠪᠤᠰᠤᠨ ᠵᠠᠮ ᠬᠡᠵᠤ ᠪᠠᠶᠢᠳᠠᠭ᠃ 石畔 ᠰᠢᠪᠡᠷ᠂ ᠪᠤᠷᠵᠠᠩ ᠨᠠᠭᠤᠷ ᠪᠠᠯᠭᠠᠰᠤ ᠶᠢᠨ ᠵᠠᠰᠠᠭ ᠤᠨ ᠤᠷᠳᠤᠨ ᠠᠴᠠ ᠬᠤᠶᠢᠰᠢ 7km ᠤᠨ ᠭᠠᠵᠡᠷ  ᠢ ᠵᠢᠭᠠᠳᠠᠭ᠃ ᠠᠳᠠ ᠪᠠᠰᠠ ᠰᠢᠪᠡᠷ ᠰᠢᠯᠢ  ︵石畔坡︶ ᠬᠡᠰᠡᠨ ᠭᠠᠵᠡᠷ ᠪᠤᠢ᠃ ᠡᠬᠦᠨ ᠠᠴᠠ ᠬᠤᠶᠢᠰᠢ 2km ᠤᠨ ᠭᠠᠵᠡᠷ ᠲᠤ ᠪᠠᠷᠠᠭᠤᠨ ᠰᠢᠪᠡᠷ      ︵西石畔︶᠂  ᠵᠡᠬᠦᠨ ᠰᠢᠪᠡᠷ ︵东石畔︶ ᠬᠡᠰᠡᠨ ᠭᠠᠵᠡᠷ ᠪᠠᠶᠢᠳᠠᠭ᠃ 布碌粱 ᠪᠤᠯᠤ ᠶᠢᠨ ᠰᠢᠯᠢ᠂ ᠪᠤᠷᠵᠠᠩ ᠨᠠᠭᠤᠷ ᠪᠠᠯᠭᠠᠰᠤ ᠶᠢᠨ ᠵᠠᠰᠠᠭ ᠤᠨ ᠤᠷᠳᠤᠨ ᠠᠴᠠ ᠬᠤᠶᠢᠰᠢ᠂ 13. 5km ᠲᠤ ᠪᠤᠢ᠃ 哈拉汉图 ᠬᠠᠯᠠᠭᠠᠶᠢᠳᠤ᠂ ᠵᠡᠬᠦᠨ ᠪᠠᠷᠠᠭᠤᠨ ᠰᠢᠪᠡᠷ ᠠᠴᠠ ᠬᠤᠶᠢᠰᠢ 6km ᠲᠤ ᠪᠤᠢ᠃ 台什 ᠲᠠᠶᠢᠰᠢ᠂ ᠪᠤᠷᠵᠠᠩ ᠨᠠᠭᠤᠷ ᠪᠠᠯᠭᠠᠰᠤ ᠶᠢᠨ ᠵᠠᠰᠠᠭ ᠤᠨ ᠤᠷᠳᠤᠨ ᠠᠴᠠ ᠪᠠᠷᠠᠭᠤᠨᠰᠢ 6km ᠲᠤ ᠪᠤᠢ᠃ 泊尔江海子 ᠪᠤᠷᠵᠠᠩ ᠨᠠᠭᠤᠷ᠂ ᠵᠠᠰᠠᠭ ᠤᠨ ᠤᠷᠳᠤᠨ ᠠᠴᠠ ᠪᠠᠷᠠᠭᠤᠨᠰᠢ 2km ᠲᠤ ᠪᠠᠶᠢᠳᠠᠭ᠃ ᠡᠳᠦᠬᠡ ᠶᠢᠨ ᠪᠤᠷᠵᠠᠩ ᠨᠠᠭᠤᠷ ᠪᠠᠯᠭᠠᠰᠤ ᠶᠢ ᠲᠤᠰ ᠨᠠᠭᠤᠷ ᠤᠨ ᠨᠡᠷ᠎ᠡ ᠪᠠᠷ ᠨᠡᠷᠡᠶᠢᠳᠦᠭᠰᠡᠨ ᠪᠦᠬᠡᠳ ᠨᠡᠷ᠎ᠡ ᠶᠢ ᠨᠢ ᠤᠳᠤ ᠬᠢᠳᠠᠳ ᠢᠶᠠᠷ 泊江海子 ᠬᠡᠵᠤ ᠪᠢᠴᠢᠬᠦ ᠪᠤᠯᠵᠠᠢ᠃ ᠪᠤᠷᠵᠠᠩ ᠨᠠᠭᠤᠷ ᠢ ᠡᠷᠳᠡᠨ ᠤ ᠭᠠᠯᠪᠠ ᠶᠢᠨ ᠲᠠᠯᠠᠢ ᠲᠠᠩᠬᠢᠰ ᠤᠨ ᠤᠷᠤᠮ ᠪᠠᠶᠢᠭᠰᠠᠨ ᠬᠡᠵᠤ ᠡᠷᠳᠡᠮᠳᠡᠨ ᠦᠵᠡᠳᠡᠭ᠃ ᠪᠤᠷᠵᠠᠩ ᠨᠠᠭᠤᠷ ᠨᠢ ᠨᠡᠯᠢᠶᠡᠳ ᠬᠦᠨ᠂ ᠨᠡᠯᠢᠶᠡᠳ ᠶᠡᠭᠡ ᠨᠠᠭᠤᠷ ᠪᠠᠶᠢᠭᠰᠠᠨ ᠶᠤᠮ᠃ ᠠᠳᠠ ᠲᠡᠯᠡᠬᠡᠢ ᠶᠢᠨ ᠬᠤᠪᠤᠷ ᠴᠠᠬᠤᠤᠯᠠᠢ ᠠᠮᠢᠳᠤᠷᠠᠵᠤ᠂ ᠵᠢᠭᠠᠰᠤ ᠵᠢᠷᠠᠭᠠᠬᠠᠢ᠂ ᠬᠤᠨ ᠭᠠᠯᠠᠭᠤ ᠡᠯᠪᠡᠭ ᠪᠠᠶᠢᠵᠠᠢ᠃ ᠲᠤᠰ ᠵᠠᠭᠤᠨ ᠳᠤ ᠤᠷᠤᠭᠰᠠᠨ ᠤ ᠲᠠᠷᠠᠭ᠎ᠠ᠂ ᠨᠠᠭᠤᠷ ᠢ ᠦᠵᠡᠮᠵᠢ  ᠶᠢᠨ ᠤᠷᠤᠨ ᠪᠤᠯᠭᠠᠵᠤ᠂ ᠵᠤᠭᠠᠴᠠᠯ ᠤᠨ ᠤᠶᠢᠯᠡᠰ ᠡᠷᠬᠢᠯᠡᠨ᠂ ᠪᠠᠶᠢᠭᠠᠯᠢᠯᠢᠭ ᠲᠦᠷᠬᠦ ᠪᠠᠶᠢᠳᠠᠯ ᠢ ᠨᠢ ᠰᠢᠨᠡᠳᠬᠡᠵᠤ ᠦᠬᠡᠷᠡᠴᠢᠯᠡᠭᠰᠡᠨ ᠠᠴᠠ ᠤᠳᠠᠯ ᠦᠬᠡᠢ ᠴᠠᠬᠤᠤᠯᠠᠢ᠂ ᠬᠤᠨ ᠭᠠᠯᠠᠭᠤ ᠨᠢ ᠤᠷᠤ ᠮᠦᠷ ᠦᠬᠡᠢ ᠨᠡᠬᠦᠨ ᠶᠠᠪᠤᠵᠤ᠂ ᠨᠠᠭᠤᠷ ᠤᠨ ᠤᠰᠤ ᠨᠢ ᠬᠠᠳᠠᠵᠤ ᠰᠢᠷᠬᠢᠬᠡᠳ᠂ ᠵᠢᠭᠠᠰᠤ ᠵᠢᠷᠠᠭᠠᠬᠠᠢ ᠨᠢ ᠨᠢᠬᠡ ᠴᠦ ᠦᠬᠡᠢ ᠪᠤᠯᠵᠠᠢ᠃ 塔拉 ᠲᠠᠯ᠎ᠠ᠂ ᠪᠤᠷᠵᠠᠩ ᠨᠠᠭᠤᠷ ᠪᠠᠯᠭᠠᠰᠤ ᠶᠢᠨ ᠵᠠᠰᠠᠭ ᠤᠨ ᠤᠷᠳᠤᠨ ᠠᠴᠠ ᠪᠠᠷᠠᠭᠤᠨ ᠡᠮᠦᠨᠡᠰᠢ 5km ᠲᠤ ᠪᠤᠢ᠃ 桃力庙 ᠲᠤᠭᠤᠷᠢᠮ ᠤᠨ ᠰᠦᠮ᠎ᠡ᠂ ᠵᠠᠰᠠᠭ ᠤᠨ ᠤᠷᠳᠤᠨ  ᠠᠴᠠ ᠡᠮᠦᠨᠡᠰᠢ 4km ᠲᠤ ᠪᠠᠶᠢᠳᠠᠭ᠃ ᠲᠤᠭᠤᠷᠢᠮ ᠤᠨ ᠰᠦᠮ᠎ᠡ ᠶᠢ ᠪᠠᠰᠠ ᠴᠠᠭᠠᠨ ᠲᠤᠭᠤᠷᠢᠮ ᠤᠨ ᠰᠦᠮ᠎ᠡ ᠬᠡᠵᠤ ᠪᠠᠶᠢᠵᠠᠢ᠃ 1940 ᠤᠨ ᠳᠤ ᠶᠠᠫᠤᠨ ᠲᠦᠷᠢᠮᠡᠬᠡᠶᠢᠯᠡᠭᠴᠢᠳ ᠤᠨ ᠨᠢᠬᠡᠨ ᠨᠢᠰᠬᠡᠯ ᠲᠠᠯᠠᠳ ᠤᠨ ᠷᠠᠰᠢᠴᠦ᠋ᠢᠯᠢᠩ ᠰᠦᠮ᠎ᠡ ᠳᠤ ᠬᠤᠶᠡᠷ ᠲᠡᠯᠪᠡᠴᠡᠬᠦ ᠪᠦᠮᠪᠦᠭᠡ ᠬᠠᠶᠠᠵᠤ᠂ ᠭᠤᠤᠯ ᠲᠤᠭᠠᠩ ᠢ ᠨᠢ ᠰᠢᠷᠬᠠᠳᠤᠭᠤᠯᠵᠤ᠂ ᠡᠮᠦᠨᠡᠰᠢ ᠦᠩᠬᠡᠷᠡᠬᠦ ᠳᠤ ᠪᠠᠨ ᠲᠤᠭᠤᠷᠢᠮ ᠤᠨ ᠰᠦᠮ᠎ᠡ ᠳᠤ ᠮᠦᠨ ᠲᠡᠯᠪᠡᠴᠡᠬᠦ ᠪᠦᠮᠪᠦᠭᠡ ᠬᠠᠶᠠᠭᠰᠠᠨ ᠳᠤ ᠰᠦᠮ᠎ᠡ ᠶᠢᠨ ᠵᠠᠷᠢᠮ ᠬᠡᠰᠡᠭ ᠨᠢ ᠡᠪᠳᠡᠭᠳᠡᠵᠤ᠂ ᠰᠤᠶᠤᠯ ᠤᠨ ᠬᠤᠪᠢᠰᠬᠠᠯ ᠤᠨ ᠦᠶ᠎ᠡ ᠳᠤ ᠪᠦᠬᠦᠨ ᠢᠶᠠᠷ ᠢᠶᠠᠨ ᠰᠦᠢᠳᠴᠠᠢ᠃ 漫赖 ᠮᠠᠶᠢᠯ᠂ ᠳ᠋ᠦᠩᠱᠧᠩ ᠤᠨ ᠪᠠᠷᠠᠭᠤᠨ ᠬᠡᠰᠡᠭ ᠲᠤ ᠪᠠᠶᠢᠷᠢᠰᠢᠵᠤ᠂ ᠵᠡᠬᠦᠨ ᠢᠶᠠᠨ ᠬᠠᠨᠳᠠᠢ᠂ ᠬᠤᠶᠢᠭᠤᠷ  ᠢᠶᠠᠨ ᠴᠠᠶᠢᠳᠠᠮ᠂ ᠪᠤᠷᠵᠠᠩ ᠨᠠᠭᠤᠷ ᠲᠠᠢ ᠵᠠᠬ᠎ᠠ ᠨᠠᠶᠢᠯᠠᠵᠤ᠂ ᠪᠠᠷᠠᠭᠤᠨ᠂ ᠪᠠᠷᠠᠭᠤᠨ ᠡᠮᠦᠨᠡᠬᠦᠷ ᠢᠶᠠᠨ ᠡᠵᠡᠨ ᠬᠤᠷᠤᠭ᠎ᠠ ᠬᠤᠰᠢᠭᠤᠨ ᠤ ᠰᠤᠪᠤᠷᠭ᠎ᠠ ᠲᠠᠢ ᠬᠦᠷᠰᠢᠯᠡᠵᠤ ᠪᠠᠶᠢᠭᠰᠠᠨ ᠨᠢᠬᠡ ᠰᠢᠶᠠᠩ ᠪᠠᠶᠢᠵᠠᠢ᠃ ᠰᠡᠬᠦᠯᠡᠷ ᠨᠢ ᠪᠤᠷᠵᠠᠩ ᠨᠠᠭᠤᠷ ᠪᠠᠯᠭᠠᠰᠤ ᠲᠠᠢ ᠨᠡᠶᠢᠯᠡᠬᠦᠯᠵᠡᠢ᠂ ᠶᠠᠭ ᠮᠠᠶᠢᠯ ᠬᠡᠳᠡᠭ ᠭᠠᠵᠡᠷ ᠨᠢ ᠤᠭ ᠤᠨ ᠰᠢᠶᠠᠩ ᠤᠨ ᠵᠠᠰᠠᠭ ᠤᠨ ᠤᠷᠳᠤᠨ ᠠᠴᠠ ᠪᠠᠷᠠᠭᠤᠨ ᠡᠮᠦᠨᠡᠰᠢ 2km ᠭᠠᠵᠡᠷ ᠲᠤ ᠪᠠᠶᠢᠳᠠᠭ᠃ ᠡᠨᠡ ᠬᠦ ᠭᠠᠵᠡᠷ ᠤᠨ ᠨᠡᠷ᠎ᠡ ᠪᠠᠷ ᠰᠢᠶᠠᠩ ᠤᠨ ᠨᠡᠷ᠎ᠡ ᠪᠤᠯᠭᠠᠵᠤ ᠪᠠᠶᠢᠵᠠᠢ᠃ 莫日古庆 ᠮᠦᠷᠬᠦᠴᠢᠭ᠂ ᠤᠤᠯ ᠤᠨ ᠮᠠᠶᠢᠯ ᠰᠢᠶᠠᠩ ᠤᠨ ᠵᠠᠰᠠᠭ ᠤᠨ ᠤᠷᠳᠤᠨ ᠠᠴᠠ ᠪᠠᠷᠠᠭᠤᠨ ᠡᠮᠦᠨ᠎ᠡ 8km ᠲᠤ ᠪᠤᠢ᠃ 乌兰台 ᠤᠯᠠᠭᠠᠨ ᠲᠤᠶᠢᠭ᠂ ᠤᠤᠯ ᠤᠨ ᠮᠠᠶᠢᠯ ᠤᠨ ᠵᠰᠠᠭ ᠤᠨ ᠤᠷᠳᠤᠨ ᠠᠴᠠ ᠪᠠᠷᠠᠭᠤᠨ ᠡᠮᠦᠨᠡᠰᠢ 8km ᠭᠠᠵᠡᠷ ᠲᠤ ᠪᠤᠢ᠃ 乌尔图 ᠤᠷᠳᠤ᠂ ᠤᠤᠯ ᠤᠨ ᠮᠠᠶᠢᠯ ᠤᠨ ᠵᠠᠰᠠᠭ ᠤᠨ ᠤᠷᠳᠤᠨ ᠠᠴᠠ ᠵᠡᠬᠦᠨ ᠬᠤᠶᠢᠨ᠎ᠠ 2km ᠲᠤ ᠪᠤᠢ᠃ 陶壕曼 ᠲᠤᠭᠤᠭᠠᠮᠠᠢ᠂ ᠤᠤᠯ ᠤᠨ ᠮᠠᠶᠢᠯ ᠰᠢᠶᠠᠩ ᠤᠨ ᠵᠠᠰᠠᠭ ᠤᠨ ᠤᠷᠳᠤᠨ ᠠᠴᠠ ᠵᠡᠬᠦᠨ ᠡᠮᠦᠨ᠎ᠡ 7km ᠭᠠᠵᠡᠷ ᠲᠤ ᠪᠤᠢ᠃ 宗兑粱 ᠽᠦᠩᠳᠦᠢ ᠶᠢᠨ ᠰᠢᠯᠢ᠂ ᠮᠠᠶᠢᠯ ᠰᠢᠶᠠᠩ ᠤᠨ ᠵᠠᠰᠠᠭ ᠤᠨ ᠤᠷᠳᠤᠨ ᠠᠴᠠ ᠵᠡᠬᠦᠨᠰᠢ 8km ᠲᠤ ᠪᠤᠢ᠃ 达嘎沟 ᠲᠠᠭ᠎ᠠ ᠶᠢᠨ ᠭᠤᠤᠯ᠂ ᠲᠠᠭ᠎ᠠ ᠶᠢᠨ ᠭᠤᠤᠯ ᠢ ᠡᠮᠦᠨ᠎ᠡ ᠲᠠᠭ᠎ᠠ ᠶᠢᠨ ︵前达嘎沟︶ ᠭᠤᠤᠯ᠂   ᠠᠷᠦ ᠲᠠᠭ᠎ᠠ ᠶᠢᠨ    ︵后达嘎沟︶   ᠭᠤᠤᠯ ᠬᠡᠵᠤ ᠬᠤᠶᠡᠷ ᠬᠤᠪᠢᠶᠠᠳᠠᠭ᠃ ᠡᠮᠦᠨ᠎ᠡ ᠲᠠᠭ᠎ᠠ ᠶᠢᠨ ᠭᠤᠤᠯ ᠨᠢ ᠮᠠᠶᠢᠯ ᠰᠢᠶᠠᠩ ᠤᠨ ᠵᠠᠰᠠᠭ ᠤᠨ ᠤᠷᠳᠤᠨ ᠠᠴᠠ ᠵᠡᠬᠦᠨᠰᠢ 20km ᠲᠤ ᠪᠠᠶᠢᠳᠠᠭ᠂ ᠠᠷᠦ ᠲᠠᠭ᠎ᠠ ᠶᠢᠨ ᠭᠤᠤᠯ ᠨᠢ 17.5km ᠲᠤ ᠪᠤᠢ᠃ 台什沟 ᠲᠠᠶᠢᠰᠢ ᠶᠢᠨ ᠭᠤᠤᠯ᠂ ᠲᠠᠶᠢᠰᠢ ᠶᠢᠨ ᠭᠤᠤᠯ ᠢ ᠡᠮᠦᠨ᠎ᠡ ᠲᠠᠶᠢᠰᠢ ᠶᠢᠨ ︵前台什沟︶ ᠭᠤᠤᠯ᠂ ᠠᠷᠦ ᠲᠠᠶᠢᠰᠢ ᠶᠢᠨ ︵后台什沟︶ ᠭᠤᠤᠯ ᠬᠡᠵᠤ ᠬᠤᠪᠢᠶᠠᠳᠠᠭ᠃ ᠮᠠᠶᠢᠯ ᠰᠢᠶᠠᠩ ᠤᠨ ᠵᠠᠰᠠᠭ  ᠤᠨ ᠤᠷᠳᠤᠨ ᠠᠴᠠ ᠵᠡᠬᠦᠨᠰᠢ 17.5km ᠲᠤ ᠪᠠᠶᠢᠳᠠᠭ᠃ ᠠᠳᠡ ᠪᠠᠰᠠ ᠲᠠᠶᠢᠰᠢ ᠶᠢᠨ ᠰᠢᠯᠢ ︵台什粱︶᠂ ᠲᠠᠶᠢᠰᠢ ᠶᠢᠨ ᠬᠤᠭᠤᠯᠠᠢ ︵台什壕︶ ᠬᠡᠵᠤ ᠪᠠᠶᠢᠳᠠᠭ᠃ 板定沟 ᠪᠠᠨᠳᠢ ᠶᠢᠨ ᠭᠤᠤᠯ᠂ ᠲᠠᠶᠢᠰᠢ ᠶᠢᠨ ᠭᠤᠤᠯ ᠠᠴᠠ ᠵᠡᠭᠦᠨᠰᠢ 2.5km ᠲᠤ ᠪᠤᠢ᠃ 柴登 ᠴᠠᠶᠢᠳᠠᠮ᠂ ᠳ᠋ᠦᠩᠱᠧᠩ ᠤᠨ ᠪᠠᠷᠠᠭᠤᠨ ᠬᠡᠰᠡᠭ ᠲᠤ ᠪᠠᠶᠢᠷᠢᠰᠢᠵᠤ᠂ ᠵᠡᠬᠦᠨ ᠢᠶᠠᠨ ᠬᠠᠨᠳᠠᠢ᠂ ᠪᠠᠷᠠᠭᠤᠨ  ᠢᠶᠠᠨ ᠪᠤᠷᠵᠠᠩ ᠨᠠᠭᠤᠷ᠂ ᠡᠮᠦᠨ᠎ᠡ ᠪᠠᠨ ᠮᠠᠶᠢᠯ᠂ ᠬᠤᠶᠢᠭᠤᠷ ᠢᠶᠠᠨ ᠲᠠᠯᠠᠳ ᠬᠤᠰᠢᠭᠤᠨ ᠤ ᠭᠤᠤ ᠲᠸᠦ ᠶᠤᠤ ᠲᠠᠢ ᠵᠠᠭᠠᠭᠯᠠᠵᠤ ᠪᠠᠶᠢᠳᠠᠭ᠃ ᠴᠠᠶᠢᠳᠠᠮ ᠬᠡᠳᠡᠭ ᠨᠢ ᠤᠤᠯ ᠳᠤ ᠪᠠᠨ ᠨᠢᠬᠡ ᠰᠢᠶᠠᠩ ᠤᠨ ᠨᠡᠷ᠎ᠡ ᠪᠠᠶᠢᠵᠠᠢ᠃ ᠰᠡᠬᠦᠯᠡᠷ ᠨᠢ ᠡᠨᠡ ᠬᠦ ᠰᠢᠶᠠᠩ ᠢ ᠤᠳᠤ ᠶᠢᠨ ᠪᠤᠷᠵᠠᠩ ᠨᠠᠭᠤᠷ ᠪᠠᠯᠭᠠᠰᠤ ᠲᠠᠢ ᠨᠠᠶᠢᠯᠠᠬᠦᠯᠵᠠᠢ᠃ ᠴᠠᠶᠢᠳᠠᠮ ᠬᠡᠳᠡᠭ ᠭᠠᠵᠡᠷ ᠨᠢ ᠦᠨᠡᠨ ᠳᠤ ᠪᠠᠨ ᠴᠠᠶᠢᠳᠠᠮ ᠰᠢᠶᠠᠩ ᠤᠨ ᠤᠤᠯ ᠤᠨ ᠵᠠᠰᠠᠭ ᠤᠨ ᠤᠷᠳᠤᠨ ᠤ ᠰᠠᠭᠤᠭ᠎ᠠ ᠭᠠᠵᠡᠷ ᠤᠨ ᠤᠶᠢᠷᠠᠯᠴᠠᠭ᠎ᠠ  ᠶᠢ ᠵᠢᠭᠠᠳᠠᠭ᠃ 巴庆壕 ᠪᠠᠯᠴᠢᠭ ᠬᠤᠭᠤᠯᠠᠢ᠂ ᠴᠠᠶᠢᠳᠠᠮ ᠰᠢᠶᠠᠩ ᠤᠨ ᠵᠠᠰᠠᠭ ᠤᠨ ᠤᠷᠳᠤᠨ ᠠᠴᠠ ᠬᠤᠶᠢᠨ᠎ᠠ 12km  ᠲᠤ ᠪᠤᠢ᠃ 敖包壕 ᠤᠪᠤᠭ᠎ᠠ ᠶᠢᠨ ᠬᠤᠭᠤᠠᠯᠢ᠂ ᠴᠠᠶᠢᠳᠠᠮ ᠰᠢᠶᠠᠩ ᠤᠨ ᠵᠠᠰᠠᠭ ᠤᠨ ᠤᠷᠳᠤᠨ ᠠᠴᠠ ᠪᠠᠷᠠᠭᠤᠨᠰᠢ 3. 5km ᠭᠠᠵᠡᠷ ᠲᠤ ᠪᠤᠢ᠃ 扎尔格塔 ᠵᠠᠭᠠᠷᠠᠭ ᠤᠨ ᠲᠤᠬᠤᠢ᠂ ᠤᠤᠯ ᠤᠨ ᠴᠠᠶᠢᠳᠠᠮ ᠰᠢᠶᠠᠩ ᠤᠨ ᠵᠠᠰᠠᠭ ᠤᠨ ᠤᠷᠳᠤᠨ ᠠᠴᠠ ᠵᠡᠬᠦᠨᠰᠢ 2.5km ᠲᠤ ᠪᠤᠢ᠃ 阿斯日沟 ᠠᠰᠠᠷ ᠤᠨ ᠭᠤᠤᠯ᠂ ᠴᠠᠶᠢᠳᠠᠮ ᠰᠢᠶᠠᠩ ᠤᠨ ᠵᠠᠰᠠᠭ ᠤᠨ ᠤᠷᠳᠤᠨ ᠠᠴᠠ ᠵᠡᠭᠦᠨᠰᠢ 7km  ᠲᠤ ᠪᠤᠢ᠃ 板旦粱 ᠪᠠᠨᠳᠠᠨ ᠰᠢᠯᠢ᠂ ᠴᠠᠶᠢᠳᠠᠮ ᠰᠢᠶᠠᠩ ᠤᠨ ᠵᠠᠰᠠᠭ ᠤᠨ ᠤᠷᠳᠤᠨ ᠠᠴᠠ ᠪᠠᠷᠠᠭᠤᠨ ᠬᠤᠶᠢᠰᠢ 7km ᠭᠠᠵᠡᠷ ᠲᠤ ᠪᠠᠶᠢᠳᠠᠭ᠃ 阿如独瓜壕 ᠠᠷᠦ ᠲᠤᠭᠠᠩ ᠤᠨ ᠬᠤᠭᠤᠯᠠᠢ᠂ ᠴᠠᠶᠢᠳᠠᠮ ᠰᠢᠶᠠᠩ ᠤᠨ ᠵᠠᠰᠠᠭ ᠤᠨ ᠤᠷᠳᠤᠨ ᠠᠴᠠ ᠪᠠᠷᠠᠭᠤᠨ ᠡᠮᠦᠨ᠎ᠡ 4km ᠲᠤ ᠪᠤᠢ᠃ 文贡沟 ᠤᠩᠭᠤᠨ ᠭᠤᠤᠯ᠂ ᠴᠠᠶᠢᠳᠠᠮ ᠰᠢᠶᠠᠩ ᠤᠨ ᠵᠠᠰᠠᠭ ᠤᠨ ᠤᠷᠳᠤᠨ ᠠᠴᠠ ᠵᠡᠬᠦᠨᠰᠢ 10km ᠲᠤ ᠪᠤᠢ᠃ 哈达图 ᠬᠠᠳᠠᠳᠤ᠂ ᠴᠠᠶᠢᠳᠠᠮ ᠰᠢᠶᠠᠩ ᠤᠨ ᠵᠠᠰᠠᠭ ᠤᠨ ᠤᠷᠳᠤᠨ ᠠᠴᠠ ᠵᠡᠬᠦᠨ ᠬᠤᠶᠢᠰᠢ 11km ᠲᠤ ᠪᠤᠢ᠃ 罕台 ᠬᠠᠨᠳᠠᠢ᠂ ᠤᠤᠯ ᠳᠤ ᠪᠠᠨ ᠳ᠋ᠦᠩᠱᠧᠩ ᠤᠨ ᠨᠢᠬᠡ ᠰᠢᠶᠠᠩ ᠪᠠᠶᠢᠵᠠᠢ᠃ ᠡᠳᠦᠬᠡ ᠪᠠᠯᠭᠠᠰᠤ ᠪᠤᠯᠭᠠᠵᠠᠢ᠃ ᠳ᠋ᠦᠩᠱᠧᠩ ᠤᠨ ᠲᠤᠮᠳᠠ ᠬᠡᠰᠡᠭ ᠲᠤ ᠪᠠᠶᠢᠷᠢᠰᠢᠵᠤ᠂ ᠵᠡᠬᠦᠨ ᠢᠶᠠᠨ ᠬᠤᠳᠠ ᠶᠢᠨ ᠲᠤᠭᠤᠷᠢᠭ ᠲᠠᠢ ᠵᠠᠯᠭᠠᠯᠳᠤᠵᠤ᠂ ᠬᠤᠶᠢᠭᠤᠷ ᠢᠶᠠᠨ ᠲᠠᠯᠠᠳ ᠬᠤᠰᠢᠭᠤᠨ ᠤ ᠤᠤᠯ ᠤᠨ ᠴᠢᠨᠳᠠᠮᠦᠨᠢ ᠰᠢᠶᠠᠩ ᠲᠠᠢ ᠵᠠᠬ᠎ᠠ ᠨᠡᠶᠢᠯᠡᠵᠤ᠂ ᠪᠠᠷᠠᠭᠤᠨᠰᠢ ᠴᠠᠶᠢᠳᠠᠮ ᠲᠠᠢ ᠬᠦᠷᠰᠢᠯᠡᠵᠤ᠂ ᠡᠮᠦᠨᠡᠰᠢ ᠪᠦᠷᠢᠳᠤ ᠶᠢᠨ ᠰᠢᠯᠢ ᠲᠠᠢ ᠵᠠᠯᠭᠠᠯᠳᠤᠵᠤ᠂ ᠪᠠᠷᠠᠭᠤᠨ ᠡᠮᠦᠨᠡᠰᠢ ᠬᠢᠶ᠎ᠠ ᠪᠠᠭᠰᠢ ᠰᠢᠨ᠎ᠠ ᠲᠤᠭᠤᠷᠢᠭ ᠲᠠᠢ ᠨᠠᠶᠢᠯᠠᠵᠤ ᠪᠠᠶᠢᠳᠠᠭ᠃ ᠬᠠᠨᠳᠠᠢ ᠪᠠᠯᠭᠠᠰᠤ ᠤᠤᠯ ᠨᠢ 罕台庙 ᠬᠡᠵᠤ ᠪᠠᠶᠢᠵᠠᠢ᠃ 罕台庙 ︵ᠬᠠᠨᠳᠠᠢ ᠶᠢᠨ ᠰᠦᠮ᠎ᠡ︶ ᠬᠡᠳᠡᠭ ᠭᠠᠵᠡᠷ ᠨᠢ ᠤᠳᠤ ᠶᠢᠨ ᠪᠠᠯᠭᠠᠰᠤ ᠶᠢᠨ ᠵᠠᠰᠠᠭ ᠤᠨ ᠤᠷᠳᠤᠨ ᠠᠴᠠ ᠪᠠᠷᠠᠭᠤᠨᠰᠢ 1.5km ᠲᠤ ᠪᠤᠢ᠃
ᠢᠷᠡᠯᠲᠡ᠄ ᠳ᠋ᠥᠩᠱᠧᠩ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ