ᠳ᠋ᠦᠩᠱᠧᠩ ᠤᠨ ᠭᠠᠵᠡᠷ ᠤᠰᠤᠨ ᠤ ᠮᠤᠩᠭᠤᠯ ᠨᠡᠷᠡᠰ ᠤᠨ ᠲᠤᠬᠠᠢ ︵ᠬᠤᠶᠡᠷ︶
ᠨᠡᠶᠢᠲᠡᠯᠡᠭᠰᠡᠨ ᠴᠠᠭ᠄
2022/11/10
                                                          ᠲ᠊᠂ ᠬᠠᠰᠴᠢᠯᠠᠭᠤ ᠬᠤᠶᠠᠷ᠂ ᠪᠠᠶᠢᠭᠠᠯᠢ ᠭᠠᠵᠡᠷ ᠵᠦᠢ ᠶᠢᠨ ᠤᠨᠴᠠᠯᠢᠭ     ᠳ᠋ᠦᠩᠱᠧᠩ ᠤᠨ ᠨᠤᠳᠤᠭ ᠲᠡᠪᠢᠰᠬᠡᠷ ᠨᠢ ᠵᠡᠬᠦᠨᠰᠢ ᠪᠠᠷᠠᠭᠤᠰᠢ ᠤᠷᠳᠤ᠂ ᠡᠮᠦᠨᠡᠰᠢ ᠬᠤᠶᠢᠰᠢ ᠪᠠᠨ ᠢᠪᠴᠦᠦ ᠤᠷᠳᠤᠯᠵᠢᠨ ᠬᠡᠯᠪᠡᠷᠢᠳᠠᠢ ᠪᠠᠶᠢᠳᠠᠭ᠃ ᠪᠠᠷᠠᠭᠤᠨ ᠢᠶᠠᠨ ᠦᠨᠳᠦᠷ᠂ ᠵᠡᠬᠦᠨ ᠢᠶᠠᠨ ᠪᠤᠭᠤᠨᠢ ᠪᠠᠶᠢᠵᠤ᠂ ᠪᠠᠷᠠᠭᠤᠨ ᠬᠡᠰᠡᠭ ᠤᠨ ᠭᠠᠵᠡᠷ ᠤᠨ ᠭᠠᠳᠠᠷᠭᠤ ᠨᠢ ᠲᠠᠯᠠᠢ ᠶᠢᠨ ᠲᠦᠪᠰᠢᠨ ᠠᠴᠠ 1367 — 1615 ᠮᠧᠲᠷ ᠡᠷᠬᠦᠭᠳᠡᠵᠤ᠂ ᠭᠠᠵᠡᠷ ᠤᠨ ᠪᠠᠶᠢᠴᠠ ᠨᠢ ᠲᠡᠭᠰᠢᠬᠡᠨ ᠮᠦᠷᠳᠡᠬᠡᠨ ᠪᠠᠷᠠᠭᠤᠨ᠂ ᠬᠤᠶᠢᠨ᠎ᠠ᠂ ᠵᠡᠬᠦᠨ ᠭᠤᠷᠪᠡᠨ ᠲᠠᠯ᠎ᠠ ᠪᠠᠷ ᠢᠶᠠᠨ ᠪᠠᠭ᠋ᠠᠨ ᠦᠨᠳᠦᠷ᠂ ᠲᠤᠮᠳᠠ ᠡᠮᠦᠨ᠎ᠡ ᠬᠡᠰᠡᠭ ᠢᠶᠠᠷ ᠢᠶᠠᠨ ᠨᠠᠮ ᠰᠢᠭ᠋ ᠪᠤᠯᠬᠤᠷ ᠬᠤᠳᠤᠭᠤᠷ ᠭᠠᠵᠡᠷ ᠤᠨ ᠮᠠᠶ᠋ᠢᠭᠳᠠᠢ ᠪᠠᠶᠢᠳᠠᠭ᠃ ᠪᠠᠷᠠᠭᠤᠨ ᠬᠡᠰᠡᠭ ᠤᠨ ᠭᠠᠵᠡᠷ ᠲᠤ ᠨᠢ ᠡᠯᠡᠰᠤ ᠮᠠᠩᠬ᠎ᠠ᠂ ᠰᠢᠯᠢ ᠴᠠᠶᠢᠳᠠᠮ᠂ ᠲᠦᠬᠦᠮ ᠬᠤᠳᠤᠭᠤᠷ ᠤᠷᠤᠢ ᠲᠤᠪᠤ᠂ ᠨᠠᠭᠤᠷ ᠪᠦᠷᠢᠳᠤ᠂ ᠭᠤᠤᠯ ᠭᠤᠷᠤᠬ᠎ᠠ ᠦᠷᠬᠦᠯᠵᠢᠯᠡᠵᠤ᠂ ᠵᠡᠬᠦᠨ ᠬᠡᠰᠡᠭ ᠤᠨ ᠭᠠᠵᠡᠷ ᠤᠨ ᠭᠠᠳᠠᠷᠭᠤ ᠨᠢ ᠲᠠᠯᠠᠢ ᠶᠢᠨ ᠲᠦᠪᠰᠢᠨ ᠠᠴᠠ 1269 — 1584.6 ᠮᠧᠲᠷ ᠦᠨᠳᠦᠷ ᠡᠷᠬᠦᠭᠳᠡᠵᠤ᠂ ᠬᠠᠷᠢᠴᠠᠩᠭᠤᠢ ᠦᠨᠳᠦᠷ ᠤᠨ ᠵᠦᠷᠢᠶ᠎ᠠ  ᠨᠢ 30 — 70 ᠮᠧᠲᠷ ᠪᠠᠶᠢᠵᠤ᠂ ᠭᠠᠵᠡᠷ ᠤᠨ ᠪᠠᠶᠢᠴᠠ ᠨᠢ ᠠᠭᠤᠯᠠ ᠲᠤᠪᠤᠳ ᠨᠢ ᠡᠭᠴᠡ᠂ ᠭᠤᠤ ᠵᠢᠯᠠᠭ᠎ᠠ ᠠᠷᠪᠢᠨ ᠪᠦᠬᠡᠳ ᠡᠷᠦᠢ ᠬᠤᠷᠤᠢ ᠦᠭᠡᠢ᠂ ᠬᠦᠷᠦᠰᠦ ᠰᠢᠷᠤᠢ ᠶᠢᠨ ᠢᠳᠡᠭᠳᠡᠯ ᠬᠦᠨᠳᠦ ᠰᠦᠷᠡᠬᠡᠢ ᠪᠠᠶᠢᠵᠤ᠂ ᠰᠢᠯᠢᠷᠬᠡᠭ ᠭᠠᠵᠡᠷ ᠪᠤᠶᠤ ᠠᠭᠤᠯᠠ ᠵᠢᠯᠠᠭ᠎ᠠ ᠲᠤᠯᠤᠭᠠᠢ ᠲᠤᠪᠤᠳ ᠠᠷᠪᠢᠨ ᠪᠠᠶᠢᠳᠠᠭ᠃ ᠵᠡᠬᠦᠨ ᠪᠠᠷᠠᠭᠤᠨ ᠬᠡᠰᠡᠭ ᠭᠠᠵᠡᠷ ᠤᠨ ᠠᠭᠤᠷ ᠠᠮᠢᠰᠬᠤᠯ ᠨᠢ ᠲᠡᠮᠡᠢ ᠶᠡᠭᠡ ᠵᠦᠷᠢᠶ᠎ᠠ ᠦᠬᠡᠢ ᠪᠦᠬᠡᠳ ᠪᠦᠷ ᠡᠬᠡ ᠬᠠᠭᠤᠷᠠᠢ ᠶᠢᠨ ᠴᠢᠨᠠᠷᠳᠠᠢ ᠤᠯᠠᠷᠢᠯ ᠤᠨ ᠰᠠᠯᠬᠢᠨ ᠤ ᠠᠭᠤᠷ ᠠᠮᠢᠰᠬᠤᠯ ᠳᠤ ᠪᠠᠭᠳᠠᠵᠤ᠂ ᠡᠪᠤᠯ ᠤᠷᠳᠤ᠂ ᠵᠤᠨ ᠤᠬᠤᠷ᠂ ᠲᠦᠷᠪᠡᠨ ᠤᠯᠠᠷᠢᠯ  ᠨᠢ ᠢᠯᠡᠷᠬᠡᠢ ᠪᠠᠶᠢᠳᠠᠭ᠃ ᠵᠢᠯ ᠤᠨ ᠲᠤᠮᠳᠠᠴᠢ ᠲᠤᠯᠠᠭᠠᠨ ᠤ ᠬᠡᠮᠵᠢᠶ᠎ᠠ ᠨᠢ 21 ᠭᠷᠠᠳᠦ᠋ᠰ ᠤᠷᠴᠢᠮ ᠪᠠᠶᠢᠵᠤ᠂ ᠵᠤᠨ  ᠤ ᠴᠠᠭ ᠲᠤ ᠰᠡᠯᠡᠬᠦᠴᠡᠬᠦ ᠳᠤ ᠮᠠᠰᠢ ᠲᠤᠬᠢᠷᠠᠭᠰᠠᠨ ᠪᠠᠶᠢᠳᠠᠭ᠃ ᠵᠢᠯ ᠤᠨ ᠲᠤᠨᠤᠳᠠᠰᠤᠨ ᠤ ᠬᠡᠮᠵᠢᠶ᠎ᠡ ᠨᠢ 325 — 400 ᠮᠢᠯᠢᠮᠧᠲᠷ ᠤᠷᠴᠢᠮ ᠪᠠᠶᠢᠵᠤ᠂ ᠵᠠᠷᠢᠮ ᠵᠢᠯ ᠳᠤ ᠬᠡᠮᠵᠢᠶ᠎ᠡ ᠨᠢ ᠦᠨᠳᠦᠷ ᠪᠤᠯᠳᠠᠭ᠃ ᠬᠤᠷ᠎ᠠ ᠪᠤᠷᠤᠭᠠᠨ ᠨᠢ 7 — 8 ᠰᠠᠷ᠎ᠠ ᠳᠤ ᠲᠦᠪᠯᠡᠷᠡᠵᠤ ᠰᠢᠷᠦᠬᠦᠨ ᠪᠤᠷᠤᠭᠠᠨ ᠶᠡᠭᠡ ᠪᠠᠷ ᠤᠷᠤᠪᠠᠯ ᠵᠡᠬᠦᠨ ᠬᠡᠰᠡᠭ ᠨᠢ ᠦᠶᠡᠷᠯᠡᠬᠦ ᠪᠤᠶᠤ ᠪᠠᠷᠠᠭᠤᠨ ᠬᠡᠰᠡᠭ ᠨᠢ ᠤᠰᠤᠳᠤᠬᠤ ᠦᠵᠡᠭᠳᠡᠯ ᠭᠠᠷᠳᠠᠭ᠃ ᠡᠪᠦᠯ ᠨᠢ ᠭᠠᠩ ᠬᠠᠭᠤᠷᠠᠢ ᠪᠦᠬᠡᠳ ᠴᠠᠰᠤᠨ ᠵᠤᠳ ᠲᠤᠩ ᠴᠦᠬᠡᠨ ᠲᠤᠬᠢᠶᠠᠯᠳᠤᠳᠠᠭ ᠪᠦᠬᠡᠳ ᠬᠠᠪᠤᠷ ᠨᠠᠮᠦᠷ ᠨᠢ ᠰᠠᠯᠬᠢ ᠶᠡᠬᠡᠳᠠᠢ ᠪᠠᠶᠢᠳᠠᠭ᠃ ᠳ᠋ᠦᠩᠱᠧᠩ ᠳᠤ ᠤᠨᠳᠤᠷᠤᠮᠠᠯ ᠭᠤᠤᠯ ᠬᠡᠵᠤ ᠪᠠᠶᠢᠳᠠᠭ ᠦᠬᠡᠢ᠃ ᠨᠡᠯᠢᠶᠡᠳ ᠶᠡᠭᠡ ᠰᠢᠭ ᠭᠤᠤᠯ ᠮᠦᠷᠡᠨ ᠬᠡᠪᠡᠯ᠂ ᠰᠢᠳᠤᠷᠭᠤ ᠶᠢᠨ ᠭᠤᠤᠯ᠂ ᠬᠠᠨᠳᠠᠢ ᠶᠢᠨ ᠭᠤᠤᠯ᠂ ᠬᠠᠰᠢᠯᠭ᠎ᠠ ᠶᠢᠨ ᠭᠤᠤᠯ᠂ ᠲᠦᠩ ᠵᠢᠶᠠᠩ ᠤᠨ ᠭᠤᠤᠯ ︵ᠬᠦᠨᠳᠡᠯᠡᠨ ᠭᠤᠤᠯ︶᠂ ᠰᠠᠶᠢᠨ ᠲᠠᠶᠢᠵᠢ ᠭᠤᠤᠯ᠂ ᠠᠪᠠᠭ᠋ᠠᠢ ᠭᠤᠤᠯ᠂ ᠵᠢᠯᠤᠭᠤᠴᠢᠨ ᠭᠤᠤᠯ᠂ ᠵᠠᠭᠠᠷᠠᠭ ᠤᠨ ᠭᠤᠤᠯ᠂ ᠤᠷᠳᠤ ᠭᠤᠤᠯ ᠵᠡᠷᠬᠡ ᠪᠠᠶᠢᠵᠠᠢ᠃ ᠡᠳᠡᠬᠡᠷ ᠭᠤᠤᠯ ᠤᠳ ᠨᠢ ᠤᠷᠤᠰᠴᠦ ᠪᠠᠶᠢᠬᠤ ᠦᠶ᠎ᠡ ᠳᠤ ᠪᠠᠨ ᠵᠢᠯ ᠪᠦᠷᠢ ᠶᠢᠨ ᠲᠤᠮᠳᠠᠴᠢᠯᠠᠭᠰᠠᠨ ᠤᠷᠤᠰᠤᠯᠳᠠ ᠨᠢ 66463 ᠲᠦᠮᠡᠨ ᠪᠤᠰᠤᠭ᠎ᠠ ᠲᠦᠷᠪᠡᠯᠵᠢᠨ ᠮᠧᠲᠷ ᠲᠤ ᠬᠦᠷᠴᠦ ᠪᠠᠶᠢᠵᠠᠢ᠃ ᠨᠡᠯᠢᠶᠡᠳ ᠶᠡᠭᠡ ᠬᠤᠷᠠᠮᠠᠭ ᠤᠰᠤ ᠬᠡᠪᠡᠯ᠂ ᠲᠤᠭᠤᠷᠢᠮ ᠤᠨ ᠨᠠᠭᠤᠷ ︵ᠪᠤᠷᠵᠠᠩ ᠨᠠᠭᠤᠷ︶ ᠾᠸᠦ ᠵᠢᠶᠠ ᠬᠠᠢ ᠽᠢ ᠨᠠᠭᠤᠷ ᠪᠤᠯᠤᠨ ᠰᠠᠶᠢᠨ ᠲᠠᠶᠢᠵᠢ᠂ ᠴᠠᠶᠢᠳᠠᠮ᠂ ᠤᠷᠳᠤ ᠭᠤᠤᠯ᠂ ᠵᠤᠤᠬ᠎ᠠ ᠶᠢᠨ ᠬᠤᠭᠤᠯᠠᠢ ᠳᠤ ᠬᠢ ᠲᠤᠮᠳᠠ ᠪᠠᠭ᠎ᠠ ᠬᠡᠯᠪᠡᠷᠢ ᠶᠢᠨ ᠴᠦᠬᠦᠷᠦᠮ ᠪᠠᠶᠢᠵᠤ᠂ ᠤᠰᠤᠨ ᠭᠠᠳᠠᠷᠭᠤ ᠶᠢᠨ ᠶᠡᠷᠦᠩᠬᠡᠢ ᠲᠠᠯᠠᠪᠠᠢ ᠨᠢ 1209 ᠬᠠᠪᠳᠠᠭᠠᠢ ᠲᠦᠷᠪᠡᠯᠵᠢᠨ ᠺᠢᠯᠤᠮᠧᠲᠷ ᠪᠠᠶᠢᠵᠠᠢ᠃ ᠭᠠᠵᠡᠷ ᠲᠤᠤᠷᠠᠬᠢ ᠤᠰᠤᠨ ᠤ ᠰᠤᠷᠪᠤᠯᠵᠢ ᠨᠢ ᠭᠤᠤᠯᠳᠠᠭᠤ ᠠᠭᠠᠷ ᠮᠠᠨᠳᠠᠯ ᠤᠨ ᠬᠤᠷ᠎ᠠ ᠲᠤᠨᠤᠳᠠᠰᠤᠨ ᠠᠴᠠ ᠨᠦᠬᠦᠪᠦᠷᠢᠯᠡᠭᠳᠡᠳᠡᠭ ᠪᠤᠯᠬᠤᠷ ᠲᠠᠷᠤᠰᠢᠮᠠᠯ ᠤᠰᠤ ᠪᠠᠷ ᠨᠡᠯᠢᠶᠡᠳ ᠲᠤᠳᠠᠮᠠᠭ ᠮᠦᠷᠳᠡᠬᠡᠨ ᠭᠠᠵᠡᠷ ᠲᠤᠤᠷᠠᠬᠢ ᠤᠰᠤᠨ ᠤ ᠲᠦᠪᠰᠢᠨ ᠨᠡᠯᠢᠶᠡᠳ ᠲᠤᠤᠷ᠎ᠠ᠂ ᠳ᠋ᠦᠩᠱᠧᠩ ᠤᠨ ᠭᠠᠵᠡᠷ ᠤᠨ ᠲᠤᠭᠳᠠᠴᠠ  ᠨᠢ ᠰᠢᠨ᠎ᠠ ᠬᠤᠸᠠᠰᠢᠶᠠ ᠶᠢᠨ ᠰᠢᠰᠲ᠋ᠧᠮ ᠤᠨ ᠡᠬᠡ ᠭᠠᠵᠡᠷ ᠤᠨ ᠬᠤᠳᠤᠭᠤᠷ ᠲᠤ ᠲᠤᠭᠠᠴᠢᠭᠳᠠᠵᠤ᠂ ᠤᠷᠤᠨ ᠲᠤᠭᠤᠷᠢᠭ ᠤᠨ ᠭᠠᠵᠡᠷ ᠤᠨ ᠲᠠᠪᠬᠤᠷᠭ᠎ᠠ ᠨᠢ ᠤᠮᠠᠷᠠᠳᠤ ᠤᠷᠤᠨ ᠤ ᠡᠬᠡ ᠭᠠᠵᠡᠷ ᠤᠨ ᠡᠷᠬᠢᠳᠤ ᠦᠨᠳᠦᠷᠯᠢᠭ ᠤᠨ ᠨᠢᠬᠡᠨ ᠬᠡᠰᠡᠭ ᠪᠤᠯᠤᠨ᠎ᠠ᠃ ᠭᠠᠵᠡᠷ ᠤᠨ ᠲᠠᠪᠬᠤᠷᠭ᠎ᠠ ᠶᠢᠨ ᠢᠷᠤᠭᠠᠷ ᠨᠢ ᠵᠧᠨ᠋ᠳᠠᠨ ᠤ ᠭᠠᠯᠪᠠ ᠠᠴᠠ ᠤᠷᠢᠳᠠᠬᠢ ᠬᠤᠪᠢᠷᠠᠮᠠᠯ ᠴᠢᠯᠠᠭᠤᠯᠢᠭ ᠤᠨ ᠲᠠᠪᠬᠤᠷᠭ᠎ᠠ ᠶᠢᠨ ᠰᠢᠰᠲ᠋ᠧᠮ ᠪᠠᠶᠢᠵᠤ᠂ ᠭᠠᠵᠡᠷ ᠤᠨ ᠭᠠᠳᠠᠷᠭᠤ ᠲᠡᠬᠡᠷ᠎ᠡ ᠴᠤᠬᠤᠶᠢᠨ ᠭᠠᠷᠤᠭᠰᠠᠨ ᠲᠠᠪᠬᠤᠷᠭ᠎ᠠ ᠨᠢ ᠴᠠᠷᠳᠠ ᠶᠢᠨ ᠰᠢᠰᠲ᠋ᠧᠮ᠂ ᠵᠦᠷᠠ ᠶᠢᠨ ᠰᠢᠰᠲ᠋ᠧᠮ ᠤᠨ ᠲᠤᠨᠤᠮᠠᠯ ᠴᠢᠯᠠᠭᠤᠯᠢᠭ ᠢᠶᠠᠷ ᠪᠦᠷᠢᠯᠳᠦᠵᠤ᠂ ᠬᠦᠷᠦᠰᠦ ᠰᠢᠷᠤᠢ ᠨᠢ ᠬᠦᠷᠡᠩ ᠺᠠᠯᠼᠯᠢᠭ ᠬᠦᠷᠦᠰᠦ ᠪᠠᠷ ᠭᠤᠤᠯᠯᠠᠵᠤ᠂ ᠪᠠᠰᠠ ᠴᠢᠬᠢᠭᠯᠢᠭ ᠬᠦᠷᠦᠰᠤ᠂ ᠡᠯᠡᠰᠦᠷᠬᠡᠭ ᠬᠦᠷᠦᠰᠦ᠂ ᠪᠠᠶᠡᠳᠤ ᠬᠦᠷᠦᠰᠤ᠂ ᠨᠠᠮᠤᠭ ᠬᠦᠷᠦᠰᠦ ᠲᠠᠷᠬᠠᠵᠤ ᠪᠠᠶᠢᠳᠠᠭ᠃ ᠪᠠᠶᠢᠭᠠᠯᠢ ᠶᠢᠨ ᠤᠷᠭᠤᠮᠠᠯ  ᠤᠨ ᠬᠦᠷᠦᠰᠦ ᠨᠢ ᠰᠡᠶᠢᠷᠡᠭ ᠪᠠᠶᠢᠵᠤ᠂ ᠤᠷᠭᠤᠮᠠᠯ ᠤᠨ ᠲᠤᠳᠤᠷ᠎ᠠ ᠦᠶᠡᠳᠤ ᠤᠷᠭᠤᠮᠠᠯ ᠭᠤᠤᠯᠯᠠᠵᠤ᠂ ᠤᠳᠪᠡᠯᠡ  ᠶᠢᠨ ᠢᠵᠡᠭᠤᠷ᠂ ᠪᠤᠷᠴᠠᠭ ᠤᠨ ᠢᠵᠠᠭᠤᠷ ᠲᠠᠳ᠋ᠯᠡᠳᠡᠭ᠃ ᠲᠤᠪᠤ ᠲᠡᠨᠵᠢ᠂ ᠰᠢᠯᠢᠷᠬᠡᠭ ᠭᠠᠵᠡᠷ ᠲᠤ ᠨᠢ ᠬᠢᠯᠠᠭᠠᠨ᠎ᠠ᠂ ᠬᠦᠵᠢ ᠡᠪᠡᠰᠦ᠂ ᠪᠦᠬᠡ ᠡᠪᠡᠰᠦ᠂ ᠦᠷᠢ ᠶᠢᠨ ᠰᠡᠬᠦᠯ᠂ ᠵᠢᠬᠢ᠂ ᠬᠠᠵᠠᠭᠠᠷ ᠡᠪᠡᠰᠤ ᠭᠤᠤᠯᠯᠠᠵᠤ᠂ ᠪᠠᠯᠠᠷ ᠮᠠᠩᠬᠠᠨ ᠭᠠᠵᠡᠷ ᠲᠤ ᠨᠢ ᠰᠢᠪᠠᠭ᠂ ᠪᠤᠷᠭᠠᠰᠤ ᠴᠤᠯᠢᠬᠢᠷ᠂ ᠲᠠᠯᠠᠨ ᠲᠦᠷᠦᠬᠦᠦ᠂ ᠬᠠᠮᠬᠤᠤᠯ ᠵᠡᠷᠬᠡ ᠠᠷᠪᠢᠨ ᠤᠷᠭᠤᠵᠤ᠂ ᠨᠠᠮᠤᠭ ᠴᠠᠶᠢᠳᠠᠮ ᠭᠠᠵᠡᠷ ᠲᠤ ᠨᠢ ᠬᠡᠴᠢ ᠡᠪᠡᠰᠦ᠂ ᠲᠠᠷᠠᠰᠤ ᠬᠤᠯᠤᠰᠤ᠂ ᠰᠢᠷ᠎ᠠ ᠬᠢᠶᠠᠭ᠂ ᠲᠠᠤᠯᠡᠢ ᠶᠢᠨ ᠲᠠᠩᠨᠠᠢ᠂ ᠰᠦᠰᠦ ᠡᠪᠡᠰᠤ ᠵᠡᠷᠬᠡ ᠭᠤᠤᠯ ᠤᠷᠭᠤᠵᠤ᠂ ᠬᠦᠨᠳᠠᠢ ᠵᠢᠯᠠᠭ᠎ᠠ ᠭᠠᠵᠡᠷ ᠲᠤ ᠨᠢ ᠮᠤᠳᠤ᠂ ᠴᠢᠴᠠᠷᠭᠠᠨ᠎ᠠ ᠤᠷᠭᠤᠵᠤ ᠪᠠᠶᠢᠳᠠᠭ᠃ ᠤᠷᠴᠢᠮ ᠤᠨ ᠵᠢᠯ ᠤᠳ ᠲᠤ ᠮᠠᠯ ᠢ ᠤᠰᠠᠳᠬᠠᠵᠤ᠂ ᠲᠠᠷᠢᠬᠤ ᠶᠢ ᠵᠤᠭᠰᠤᠭᠠᠨ᠂ ᠬᠦᠮᠦᠨ ᠤ ᠬᠦᠴᠦᠨ  ᠢᠶᠠᠷ ᠤᠶᠢᠵᠢᠭᠤᠯᠬᠤ ᠶᠢ ᠴᠢᠬᠤᠯᠠᠴᠢᠯᠠᠭᠰᠠᠨ ᠠᠴᠠ ᠬᠦᠷᠦᠰᠤ ᠰᠢᠷᠤᠢ ᠶᠢᠨ ᠪᠦᠷᠬᠦᠴᠡ ᠪᠤᠯᠤᠨ ᠤᠢ ᠰᠢᠭᠤᠢ ᠶᠢᠨ ᠪᠦᠷᠬᠦᠴᠡ ᠡᠳᠦᠷ ᠢᠷᠡᠬᠦᠶ᠎ᠡ ᠰᠠᠶᠢᠵᠢᠷᠠᠬᠤ ᠪᠤᠯᠵᠠᠢ᠃ ᠳ᠋ᠦᠩᠱᠧᠩ ᠤᠨ ᠭᠠᠵᠡᠷ ᠲᠤᠤᠷᠠᠬᠢ ᠡᠳ᠋ ᠠᠭᠤᠷᠰᠤᠨ ᠳᠤ ᠨᠡᠬᠦᠷᠡᠰᠤ ᠭᠤᠤᠯᠯᠠᠵᠤ ᠪᠠᠶᠢᠳᠠᠭ᠃ ᠡᠬᠦᠨ ᠠᠴᠠ ᠭᠠᠳᠠᠨ᠎ᠠ ᠲᠤᠰᠤᠳᠤ ᠴᠢᠯᠠᠭᠤᠯᠢᠭ᠂ ᠪᠠᠶᠢᠭᠠᠯᠢ ᠶᠢᠨ ᠰᠢᠳᠠᠮᠠᠬᠠᠢ ᠬᠡᠢ᠂ ᠴᠤᠬᠤᠢ ᠶᠢᠨ ᠴᠢᠯᠠᠭᠤ᠂ ᠨᠠᠩᠬᠢ ᠰᠢᠷᠤᠢ᠂ ᠲᠡᠮᠦᠷ ᠤᠨ ᠰᠢᠷ᠎ᠠ ᠬᠦᠳᠡᠷ᠂ ᠦᠬᠡᠬᠦᠨ ᠴᠢᠯᠠᠭᠤᠨ ᠬᠠᠶᠢᠷ ᠵᠡᠷᠬᠡ ᠪᠤᠯᠠᠭᠳᠠᠴᠠ ᠪᠠᠶᠢᠳᠠᠭ᠃
ᠢᠷᠡᠯᠲᠡ᠄ ᠳ᠋ᠦᠩᠱᠧᠩ ᠳᠤᠭᠤᠷᠢᠭ ᠤᠨ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ